摘要 |
ᠪᠠᠳᠠᠷᠠᠭᠤᠯᠲᠤ ᠲᠦᠷᠦ ᠶᠢᠨ ᠠᠷᠪᠠᠨ ᠳᠤᠯᠤᠭᠠᠨ ᠣᠨ ᠤ ᠠᠷᠪᠠᠨ ᠰᠠᠷ᠎ᠠ ᠶᠢᠨ ᠶᠢᠰᠦᠨ (1891 ᠣᠨ ᠤ 11 ᠰᠠᠷ᠎ᠠ ᠶᠢᠨ 10᠋ ᠤ ᠡᠳᠦᠷ)᠋ ᠳᠦ ᠡᠭᠦᠰᠦᠭᠰᠡᠨ ᠵᠢᠨ ᠳ᠋ᠠᠨ ᠳ᠋ᠤᠤ ᠶᠢᠨ ᠬᠡᠷᠡᠭ ᠴᠢᠩ ᠤᠯᠤᠰ ᠤᠨ ᠦᠶ᠎ᠡ ᠶᠢᠨ ᠵᠡᠭᠦᠨ ᠣᠷᠤᠨ ᠤ ᠮᠣᠩ᠋ᠭᠤᠯ ᠬᠤᠰᠢᠭᠤ ᠪᠠ ᠬᠦᠷᠰ ᠭᠠᠵᠠᠷ ᠣᠷᠤᠨ ᠤ ᠬᠢᠲᠠᠳ ᠮᠣᠩ᠋ᠭᠤᠯ ᠡᠯ᠎ᠡ ᠦᠨᠳᠦᠰᠦᠲᠡᠨ ᠦ ᠠᠷᠠᠳ ᠲᠦᠮᠡᠨ ᠳᠦ ᠲᠤᠢ᠌ᠯ ᠤᠨ ᠶᠡᠬᠡ ᠭᠠᠢ ᠭᠠᠮᠰᠢᠭ ᠤᠴᠠᠷᠠᠭᠤᠯᠵᠤ ᠪᠢᠯᠡ᠃ ᠵᠢᠨ ᠳ᠋ᠠᠨ ᠳ᠋ᠤᠤ ᠱᠠᠰᠢᠨᠲᠠᠨ ᠬᠢᠭᠡᠳ ᠬᠠᠷᠢ ᠶᠢᠨ ᠱᠠᠰᠢᠨ ᠬᠤᠭᠤᠷᠤᠨᠳᠤ ᠪᠠᠨ ᠶᠡᠷᠦ ᠳᠡᠭᠡᠨ ᠦᠰᠢᠯᠳᠦᠬᠦ ᠤᠴᠢᠷ ᠠᠴᠠ ᠬᠡᠷᠡᠭ ᠦᠨ ᠳᠤᠮᠳᠠ ᠭᠤᠴᠢᠨ ᠭᠡᠷ᠂ ᠫᠢᠩ ᠴᠢᠤᠸᠠᠨ ᠵᠧᠤ᠂ ᠨᠢᠶᠧ ᠮᠧᠨ ᠽᠢ ᠵᠡᠷᠭᠡ ᠭᠠᠵᠠᠷ ᠤᠨ ᠺᠠᠲ᠋ᠤᠯᠢᠭ ᠱᠠᠰᠢᠨ ᠤ ᠲᠤᠭᠠᠩ ᠤᠳ ᠤᠨ ᠵᠠᠷᠢᠮ ᠨᠢ ᠡᠪᠳᠡᠭᠳᠡᠵᠡᠢ᠃ ᠭᠡᠪᠡᠴᠦ ᠪᠦᠬᠦ ᠬᠡᠷᠡᠭ ᠦᠨ ᠶᠠᠪᠤᠴᠠ ᠪᠤᠯᠤᠨ ᠪᠤᠳᠠᠲᠤ ᠬᠡᠷᠡᠭ ᠦᠳ ᠶᠢᠨ ᠳ᠋ᠠᠨ ᠳ᠋ᠤᠤ ᠶᠢᠨ ᠬᠡᠷᠡᠭ ᠦᠨ ᠭᠤᠤᠯ ᠰᠢᠨᠵᠢ ᠴᠢᠨᠠᠷ ᠪᠤᠯ ᠶᠠᠭᠠᠬᠢᠭᠰᠠᠨ ᠴᠤ 《ᠬᠠᠷᠢ ᠶᠢᠨ ᠱᠠᠰᠢᠨ ᠢ ᠡᠰᠡᠷᠭᠦᠴᠡᠭᠰᠡᠨ》ᠶᠠᠪᠤᠳᠠᠯ ᠪᠢᠰᠢ ᠭᠡᠭ᠍ᠴᠢ ᠶᠢ ᠭᠡᠷᠡᠴᠢᠯᠡᠵᠦ ᠪᠠᠢ᠌ᠨ᠎ᠠ᠃ ᠲᠡᠭᠦᠨ ᠦ 《ᠬᠠᠷᠢ ᠶᠢᠨ ᠱᠠᠰᠢᠨ ᠢ ᠡᠰᠡᠷᠭᠦᠴᠡᠭᠰᠡᠨ》ᠪᠤᠶᠤ 《ᠳᠦᠷᠢᠮᠡᠭᠡᠢ᠌ᠯᠡᠯ ᠢ ᠡᠰᠡᠷᠭᠦᠴᠡᠭᠰᠡᠨ》ᠰᠢᠨᠵᠢ ᠴᠢᠨᠠᠷ ᠢ ᠨᠢ ᠦᠰᠭᠡᠨ ᠲᠦᠰᠭᠡᠨ ᠲᠡᠢ ᠶᠠᠷᠢᠬᠤ ᠪᠤᠯ ᠲᠡᠦᠬᠡ ᠶᠢᠨ ᠦᠨᠡᠨ ᠳᠦ ᠦᠯᠦ ᠨᠡᠢ᠌ᠴᠡᠬᠦ ᠶᠠᠪᠤᠳᠠᠯ ᠪᠤᠯᠤᠨ᠎ᠠ᠃ |