题名 |
ᠪ᠂ ᠵᠤᠷᠢᠭᠲᠤ ᠶᠢᠨ ᠲᠦᠷᠦᠵᠦ ᠦᠰᠦᠭᠰᠡᠨ ᠰᠤᠶᠤᠯ ᠤᠨ ᠤᠷᠴᠢᠨ ᠬᠢᠭᠡᠳ ᠲᠤᠭᠤᠵᠢᠰ ᠪᠦᠳᠦᠭᠡᠯᠨᠬᠡ |
作者 |
ᠬᠠ᠂ ᠤᠯᠠᠭᠠᠨᠪᠠᠭᠠᠳᠤᠷ |
关键词 |
ᠪ᠂ ᠵᠤᠷᠢᠭᠲᠤ ; ᠰᠤᠶᠤᠯ ᠤᠨ ᠤᠷᠴᠢᠨ ; ᠲᠤᠭᠤᠵᠢᠰ ᠪᠦᠳᠦᠭᠡᠯᠨᠬᠡ |
摘要 |
ᠪ᠂ ᠵᠤᠷᠢᠭᠲᠤ ᠶᠢᠨ ᠭᠡᠷ ᠪᠦᠯᠢ ᠶᠢᠨ ᠰᠤᠶᠤᠯ ᠤᠨ ᠠᠭᠤᠷ ᠠᠮᠢᠰᠬᠤᠯ ᠨᠢ ᠳᠡᠭᠦᠨ ᠦ ᠤᠬᠠᠭᠠᠨ ᠪᠢᠯᠢᠭ᠌ ᠢ ᠨᠡᠭᠡᠭᠡᠭᠳᠡᠭᠦᠯᠦᠨ ᠤᠷᠠᠯᠢᠭᠴᠢᠳ ᠪᠤᠯᠬᠤ ᠳᠤ ᠨᠦᠭᠦᠴᠡᠯ ᠪᠤᠯᠤᠮᠵᠢ ᠶᠢ ᠤᠯᠭᠤᠵᠤ ᠦᠭᠭᠦᠭᠰᠡᠨ ᠪᠦᠭᠡᠳ ᠡᠯᠤᠨᠴᠡ ᠡᠪᠦᠬᠡ ᠡᠴᠡ ᠨᠢ ᠨᠠᠭᠠᠰᠢ ᠤᠯᠠᠨᠵᠢᠯᠠᠭᠳᠠᠭᠰᠠᠨ ᠠᠪᠠ ᠶᠢᠨ ᠰᠤᠶᠤᠯ ᠤᠨ ᠬᠸᠨ ᠨᠢ ᠪᠠᠯᠴᠢᠷ ᠦᠶ ᠡ ᠶᠢᠨ ᠤᠶᠤᠨ ᠲᠠᠷᠢᠬᠢᠨ ᠳᠤ ᠨᠢ ᠭᠦᠨ ᠬᠤᠨᠤᠭᠰᠢᠵᠤ᠂ ᠰᠡᠭᠦᠯ ᠤᠨ ᠦᠶ ᠡ ᠶᠢᠨ ᠲᠤᠭᠤᠵᠢᠰ ᠪᠦᠳᠦᠬᠡᠯᠬᠡ ᠶᠢᠨ ᠬᠢᠨᠢ ᠰᠡᠳᠦᠪ ᠮᠠᠲ᠋ᠸᠷᠢᠶᠠᠯ ᠪᠤᠯᠤᠭᠰᠠᠨ ᠪᠦᠭᠡᠳ ᠠᠷᠠᠳ ᠤᠨ ᠳᠠᠭᠤᠤ ᠶᠢᠨ ᠰᠤᠶᠤᠯ ᠤᠨ ᠬᠦᠷᠦᠰᠦ ᠰᠢᠷᠦᠢ ᠨᠢ ᠳᠡᠭᠦᠨ ᠦ ᠤᠩᠭ᠋ᠤᠨ ᠰᠡᠷᠡᠯ ᠪᠤᠯᠤᠭᠰᠠᠨ ᠳᠡᠳᠦᠢ ᠦᠬᠡᠢ ᠲᠤᠭᠤᠵᠢᠰ ᠤᠨ ᠵᠤᠬᠢᠶᠠᠯ ᠤᠨ ᠬᠦᠦᠷᠨᠢᠯ ᠤᠨ ᠪᠤᠳᠤᠯᠭ᠎ᠠ ᠶᠢ ᠨᠢ ᠨᠦᠯᠦᠬᠡᠯᠡᠵᠦ᠂ ᠵᠤᠬᠢᠶᠠᠯᠴᠢ ᠶᠢ ᠦᠰᠬᠡᠵᠦ ᠬᠦᠮᠦᠵᠢᠬᠦᠯᠦᠭᠰᠡᠨ ᠬᠠᠪᠳᠠᠭᠠᠢ (ᠬᠠᠪᠳᠠᠭ᠎ᠠ) ᠠᠢ᠌ᠯ ᠤᠨ ᠰᠤᠶᠤᠯ ᠤᠨ ᠬᠤᠪᠢᠰᠤᠯ ᠤᠨ ᠠᠷᠤ ᠦᠵᠡᠭᠳᠡᠯ ᠨᠢ ᠲᠤᠭᠤᠵᠢᠰ ᠤᠨ ᠬᠢᠨᠢ ᠠᠭᠤᠯᠭ᠎ᠠ ᠶᠢ ᠪᠠᠶᠠᠯᠢᠭᠵᠢᠭᠤᠯᠬᠤ ᠶᠢᠨ ᠤᠯᠠᠮ ᠶᠢᠨᠷ ᠰᠤᠶᠤᠯ ᠤᠨ ᠠᠬᠤᠭᠤᠯᠤᠮᠵᠢ ᠶᠢ ᠨᠢ ᠦᠨᠳᠦᠷᠵᠢᠭᠦᠯᠦᠭᠰᠡᠨ ᠪᠠᠢ᠌ᠨ᠎ᠠ᠃ |
原文 |
查看原文
|
出自 |
内蒙古民族大学学报(社会科学)
2009年
第1期
|