| 题名 | 
                ᠤᠳᠤ ᠦᠶᠡ ᠶᠢᠨ ᠮᠤᠩᠭᠤᠯ ᠤᠳᠬᠠ ᠵᠤᠬᠢᠶᠠᠯ ᠤᠨ ᠦᠨᠳᠤᠰᠤᠳᠡᠨ ᠤ ᠰᠢᠨᠵᠢ ᠪᠡ ᠤᠳᠤᠬᠢᠴᠢ ᠰᠢᠨᠵᠢ ᠶᠢᠨ ᠬᠤᠤᠰᠯᠠᠯ ᠬᠦᠭᠡᠭᠡᠴᠡᠯᠳᠤᠯ ᠵᠢᠴᠢ ᠰᠤᠶᠤᠯ ᠤᠨ ᠬᠦᠰᠡᠯᠡᠩ | 
            
            
                | 作者 | 
                ᠪᠤᠤ ᠶᠢᠩ ᠬᠸ | 
            
            
                | 关键词 | 
                ᠤᠳᠤ ᠦᠶᠡ; ᠮᠤᠩᠭᠤᠯ ᠤᠳᠬᠠ ᠵᠤᠬᠢᠶᠠᠯ; ᠦᠨᠳᠤᠰᠤᠳᠡᠨ ᠤ ᠰᠢᠨᠵᠢ ᠪᠡ ᠤᠳᠤᠬᠢᠴᠢ ᠰᠢᠨᠵᠢ; ᠬᠤᠤᠰᠯᠠᠯ ᠬᠦᠭᠡᠭᠡᠴᠡᠯᠳᠤᠯ | 
            
            
                | 摘要 | 
                ᠤᠳᠤ ᠦᠶᠡ ᠶᠢᠨ ᠮᠤᠩᠭᠤᠯ ᠤᠳᠬᠠ ᠵᠤᠬᠢᠶᠠᠯ ᠳᠤ《 ᠦᠨᠳᠤᠰᠤᠳᠡᠨ》᠋ ᠤ ᠪᠢᠴᠯᠭᠡ ᠪᠡ ᠦᠨᠳᠤᠰᠤᠳᠡᠨ ᠤ ᠤᠬᠠᠮᠰᠠᠷ ᠤᠨ ᠰᠡᠷᠬᠦᠯ ᠢ ᠠᠶᠠᠯᠳᠤᠵᠦ ᠦᠨᠳᠤᠰᠤᠳᠡᠨ ᠤ ᠰᠢᠨᠵᠢ ᠂ ᠤᠳᠤᠬᠢᠴᠢ ᠰᠢᠨᠵᠢ ᠶᠢᠨ ᠬᠦᠬᠡᠬᠡᠴᠡᠯᠳᠤᠯ ᠪᠤᠢ ᠪᠤᠯᠵᠦ᠂ ᠦᠨᠳᠤᠰᠤᠳᠡᠨ ᠤ ᠰᠤᠶᠤᠯ ᠲᠠᠤᠭᠡ ᠶᠢᠨ ᠬᠦᠰᠡᠯᠡᠩ ᠲᠠᠪᠠᠯᠭ᠋ᠠᠯᠠᠭᠰᠠᠨ ᠪᠠᠢᠨᠠ᠃ ᠤᠳᠤ ᠦᠶᠡ ᠶᠢᠨ ᠡᠯᠠ ᠱᠠᠳᠤᠨ ᠳᠤ ᠮᠤᠩᠭᠤᠯ ᠤᠳᠬᠠ ᠵᠤᠬᠢᠶᠠᠯ ᠤᠨ ᠬᠢᠨ ᠤ ᠦᠨᠳᠤᠰᠤᠳᠡᠨ ᠤ ᠤᠳᠬᠠ ᠵᠤᠬᠢᠶᠠᠯ ᠤᠨ ᠬᠦᠰᠡᠯ ᠬᠦᠬᠡᠭᠡᠴᠡᠯᠳᠤᠯ ᠲᠠᠰᠤᠷᠠᠭᠠ ᠦᠭᠡᠢ ᠪᠠᠢᠵᠦ᠂ ᠱᠤᠭᠤᠮ ᠤᠨ ᠤᠳᠤᠷᠢᠳᠤᠯᠭᠠ ᠲᠤᠤᠷᠠ ᠨᠡᠩ ᠲᠦᠯᠬᠢᠬᠦᠤ ᠶᠠᠪᠤᠭᠳᠠᠭᠰᠠᠨ《17ᠵᠢᠯ》᠋ ᠤᠨ ᠦᠶᠡ ᠳᠤ ᠴᠦ 《ᠨᠡᠢᠭᠡᠮ ᠵᠢᠷᠤᠮᠳᠤ ᠠᠠᠭ᠋ᠤᠯᠭᠠ ᠲᠠᠢ᠂ᠦᠨᠳᠤᠰᠤᠳᠡᠨ ᠤ ᠬᠡᠯᠪᠡᠷᠢ》᠋ ᠶᠢᠨ ᠰᠦᠪᠡᠭᠴᠢᠯᠡᠯ ᠨᠢ ᠵᠤᠬᠢᠶᠠᠭᠴᠢᠳ ᠤᠨ ᠦᠨᠳᠤᠰᠤᠳᠡᠨ ᠤ ᠰᠢᠨᠵᠢ ᠤᠨᠴᠠᠯᠢᠭ ᠤᠨ ᠬᠦᠬᠡᠭᠡᠴᠡᠯᠳᠤᠯ ᠪᠠᠢᠭᠰᠠᠨᠨ ᠪᠠ ᠰᠢᠨᠡ ᠡᠷᠢᠨ ᠪᠤᠯᠬᠤ ᠳᠤ《ᠬᠦᠮᠦᠨ》 ᠤ ᠤᠬᠠᠮᠰᠠᠷ ᠤᠨ ᠰᠡᠷᠬᠦᠯ ᠶᠢᠡᠷ ᠭᠠᠷᠤᠭᠠ ᠪᠤᠯᠭ᠋ᠠᠭᠰᠠᠨ ᠦᠨᠳᠤᠰᠤᠳᠡᠨ ᠤ ᠤᠬᠠᠮᠰᠠᠷ᠂ ᠤᠳᠤᠬᠢᠴᠢ ᠤᠬᠠᠮᠰᠠᠷ ᠪᠡ ᠤᠷᠠᠯᠢᠭ ᠤᠨ ᠬᠦᠬᠡᠭᠡᠴᠡᠯᠳᠤᠯ ᠨᠢ ᠦᠨᠳᠤᠰᠤᠳᠡᠨ ᠤ ᠲᠡᠤᠭᠡ ᠰᠤᠶᠤᠯ ᠤᠨ ᠤᠬᠠᠮᠰᠠᠷ ᠠᠮᠢ ᠠᠬᠤᠢ ᠶᠢᠨ ᠤᠬᠠᠮᠰᠠᠷ᠂ ᠤᠯᠠᠮᠵᠢᠯᠠᠯ ᠰᠢᠨ᠋ᠡᠴᠢᠯᠡᠯ ᠵᠠᠷᠭᠡ ᠤᠯᠠᠨ ᠲᠠᠯᠠ ᠶᠢᠨ ᠤᠳᠬᠠ ᠵᠤᠬᠢᠶᠠᠯ ᠤᠨ ᠠᠰᠠᠭ᠋ᠤᠳᠡᠯ᠂ ᠦᠵᠡᠭᠳᠡᠯ ᠢ ᠬᠠᠮᠤᠷᠤᠭᠰᠠᠠ ᠦᠨᠳᠤᠰᠤᠳᠡᠨ ᠤ ᠰᠢᠨᠵᠢ ᠤᠳᠤᠬᠢᠴᠢ ᠰᠢᠨᠵᠢ ᠶᠢᠨ ᠬᠤᠤᠰᠯᠠᠯ ᠬᠦᠭᠡᠭᠡᠴᠡᠯᠳᠤᠯ ᠵᠢᠴᠢ ᠰᠤᠶᠤᠯ ᠤᠨ ᠬᠦᠰᠡᠯᠡᠩ ᠪᠤᠯᠵᠦ ᠲᠤᠯᠬᠢᠶᠠᠯᠠᠭᠰᠠᠨ ᠪᠠᠢᠨᠠ᠃
  | 
            
            
                | 原文 | 
                
                    
                    查看原文
                    
                 | 
            
          
            | 出自 | 
            
              内蒙古社会科学(蒙文版)
              2015年
               第6期
             |