题名 |
ᠮᠤᠩᠭ᠋ᠤᠯ ᠡᠮ ᠬᠦᠭᠡ ᠭᠠᠷᠤᠳᠢ - 9 ᠶᠢᠨ ᠨᠢᠮᠭᠡᠨ ᠲᠠᠪᠬᠤᠷᠭᠠᠳᠤ ᠦᠩᠭᠡ ᠵᠢᠭ᠌ᠰᠠᠯ ᠤᠨ ᠰᠤᠳᠤᠯᠭ᠎ᠠ |
作者 |
ᠪᠠᠢ ᠢᠦᠢ ᠰᠢᠶᠠ; ᠰᠡᠷᠢᠭᠦᠨᠴᠡᠴᠡᠭ |
关键词 |
ᠬᠦᠬᠡ ᠭᠠᠷᠤᠳᠢ ﹣9; ᠨᠢᠮᠭᠡᠨ ᠲᠠᠪᠬᠤᠷᠭᠠᠳᠤ ᠦᠩᠭᠡ ᠵᠢᠭ᠌ᠰᠠᠯ ᠤᠨ ᠠᠷᠭ᠎ᠠ |
摘要 |
ᠮᠤᠩᠭ᠋ᠤᠯ ᠡᠮ ᠬᠦᠬᠡ ᠭᠠᠷᠤᠳᠢ ﹣9 ᠶᠢᠨ ᠪᠦᠷᠢᠯᠳᠦᠬᠦᠨ ᠪᠤᠯᠬᠤ ᠠᠷᠤᠷ᠎ᠠ᠂ ᠬᠤᠩᠭ᠋ᠤᠯᠵᠤᠤᠷ᠂ ᠮᠡᠺᠡᠷ᠂ ᠬᠤᠩᠯᠸᠠ᠂ ᠲᠡᠯᠭᠡᠬᠦ ᠴᠠᠭ ᠠᠬᠤᠷ᠂ ᠴᠠᠭᠠᠨ ᠰᠤᠷᠤᠯᠤ᠂ ᠱᠠᠭᠠᠵᠠᠭᠠᠢ ᠶᠢᠨ ᠰᠠᠪᠠᠷ᠂ ᠮᠠᠨᠤ ᠶᠢ ᠲᠤᠰ ᠲᠤᠰ ᠨᠢᠮᠭᠡᠨ ᠲᠠᠪᠬᠤᠷᠭᠠᠳᠤ ᠦᠩᠭᠡ ᠵᠢᠭ᠌ᠰᠠᠯ ᠤᠨ ᠠᠷᠭ᠎ᠠ ᠪᠡᠷ ᠢᠯᠭᠠᠨ ᠲᠠᠨᠢᠬᠤ ᠳᠤ ᠲᠤᠷᠰᠢᠯᠳᠠ ᠶᠢᠨ ᠪᠠᠷᠢᠮᠳᠠ ᠶᠢ ᠬᠠᠩᠭ᠋ᠠᠨ᠎ᠠ᠃ ᠠᠷᠭ᠎ᠠ᠄ ᠨᠢᠮᠭᠡᠨ ᠲᠠᠪᠬᠤᠷᠭᠠᠳᠤ ᠦᠩᠭᠡ ᠵᠠᠰᠠᠯ ᠤᠨ ᠠᠷᠭ᠎ᠠ ᠪᠡᠷ ᠴᠢᠨᠠᠷ ᠤᠨ ᠠᠨᠠᠯᠢᠰ ᠬᠢᠬᠦ ᠳᠡᠭᠡᠨ ᠬᠠᠮᠢᠶ᠎ᠠ ᠪᠦᠬᠦᠢ ᠰᠤᠷᠪᠤᠯᠵᠢ ᠪᠢᠴᠢᠭ᠌ ᠢ ᠦᠨᠳᠦᠰᠦᠯᠡᠨ ᠨᠠᠢ᠌ᠷᠠᠯᠭ᠎ᠠ ᠳᠤ ᠤᠷᠤᠭᠰᠠᠨ ᠬᠦᠯ ᠡᠮ ᠤ ᠲᠡᠯᠭᠡᠭ᠍ᠴᠢ ᠰᠢᠰᠲ᠋ᠸᠮ ᠰᠤᠩᠭ᠋ᠤᠵᠤ᠂ ᠬᠦᠬᠡ ᠭᠠᠷᠤᠳᠢ ﹣9 ᠶᠢᠨ ᠪᠦᠷᠢᠯᠳᠦᠬᠦᠨ ᠢ ᠲᠤᠰ ᠲᠤᠰ ᠪᠠᠷᠢᠮᠵᠢᠶ᠎ᠠ ᠬᠠᠷᠢᠴᠠᠭᠤᠯᠤᠭᠴᠢ ᠪᠤᠳᠠᠰ ᠲᠠᠢ ᠬᠠᠷᠢᠴᠠᠭᠤᠯᠤᠨ ᠢᠯᠭᠠᠨ ᠲᠠᠨᠢᠵᠤ᠂ ᠴᠢᠨᠠᠷ ᠤᠨ ᠲᠠᠯ᠎ᠠ ᠪᠡᠷ ᠨᠢ ᠢᠯᠭᠠᠪᠤᠷᠢᠯᠠᠪᠠ᠃ ᠦᠷ᠎ᠡ ᠳ᠋ᠦᠩ᠄ ᠬᠦᠭᠡ ᠭᠠᠷᠤᠳᠢ﹣9 ᠶᠢᠨ ᠪᠦᠷᠢᠯᠳᠦᠬᠦᠨ ᠠᠷᠤᠷ᠎ᠠ᠂ ᠬᠤᠩᠭ᠋ᠤᠯᠵᠤᠤᠷ᠂ ᠮᠡᠭᠡᠷ᠂ ᠬᠤᠩᠯᠸᠠ᠂ ᠴᠠᠭᠠᠨ ᠰᠤᠷᠤᠯᠤ᠂ ᠱᠠᠭᠠᠵᠠᠭᠠᠢ ᠶᠢᠨ ᠰᠡᠪᠡᠷ᠂ ᠮᠠᠨᠤ ᠶᠢ ᠲᠤᠰ ᠲᠤᠰ ᠢᠯᠭᠠᠨ ᠲᠠᠨᠢᠭᠰᠠᠨ ᠳ᠋ᠦᠩ ᠳᠤ᠂ ᠦᠯᠢᠭᠡᠷ ᠦᠢᠯᠡᠳᠬᠦᠨ ᠪᠠ ᠬᠠᠷᠢᠴᠠᠭᠤᠯᠤᠭᠴᠢ ᠪᠤᠳᠠᠰ ᠤᠨ ᠬᠠᠷᠠᠭᠠᠯᠵᠠᠭᠰᠠᠨ ᠪᠠᠢ᠌ᠷᠢᠨ ᠳᠤ ᠤᠨᠴᠠᠯᠢᠭ ᠲᠤᠯᠪᠤ ᠢᠯᠡᠷᠡᠵᠦ᠂ ᠬᠠᠷᠢᠴᠠᠭᠤᠯᠤᠭᠴᠢ ᠪᠤᠳᠠᠰ ᠯᠤᠭ᠎ᠠ ᠶᠢᠨ ᠬᠠᠷᠠᠭᠠᠯᠵᠠᠭᠰᠠᠨ ᠲᠤᠯᠪᠤ ᠶᠢᠨ Rf ᠬᠡᠮᠵᠢᠭ᠍ᠳᠡᠯ ᠨᠢ ᠲᠤᠬᠢᠷᠠᠮᠵᠢᠳᠠᠢ᠂ ᠬᠤᠭᠤᠰᠤᠨ ᠬᠠᠷᠢᠴᠠᠭᠤᠯᠤᠭᠴᠢ ᠨᠠᠢ᠌ᠷᠠᠯᠭ᠎ᠠ ᠶᠢᠨ ᠬᠠᠷᠠᠭᠠᠯᠵᠠᠭᠰᠠᠨ ᠪᠠᠢ᠌ᠷᠢᠨ ᠳᠤ ᠬᠠᠷᠰᠢᠯᠠᠯ ᠦᠭᠡᠢ᠃ ᠳ᠋ᠦᠩᠨᠡᠯᠳᠡ᠄ ᠡᠳᠡᠭᠡᠷ ᠡᠮᠳᠦ ᠪᠤᠳᠠᠰ ᠲᠤ ᠪᠠᠢ᠌ᠭᠤᠯᠤᠭᠰᠠᠨ ᠨᠢᠮᠭᠡᠨ ᠲᠠᠪᠬᠤᠷᠭᠠᠳᠤ ᠦᠩᠭᠡ ᠵᠢᠭ᠌ᠰᠠᠯ ᠤᠨ ᠠᠷᠭ᠎ᠠ ᠨᠢ ᠰᠤᠷᠭᠤᠭᠴᠠ ᠨᠢ ᠦᠨᠳᠦᠷ ᠪᠦᠭᠡᠳ ᠦᠩᠭᠡ ᠢᠯᠡᠷᠡᠬᠦ ᠨᠢ ᠬᠢᠯᠪᠡᠷ᠂ ᠢᠯᠭᠠᠷᠠᠯᠳᠠ ᠪᠡᠷ ᠰᠠᠢ᠌ᠨ ᠪᠠᠢ᠌ᠳᠠᠭ᠃ |
原文 |
查看原文
|
出自 |
内蒙古民族大学学报(蒙医药学)
2013年
第2期
|