题名 |
ᠲᠠᠷᠬᠠᠨ ᠬᠤᠰᠢᠭᠤᠨ ᠤ ᠣᠳᠣ ᠦᠶ ᠠ ᠶᠢᠨ ᠮᠣᠩᠭᠤᠯ ᠤᠷᠡᠠ ᠵᠣᠬᠢᠶᠠᠯ ᠤᠨ ᠲᠤᠭᠠᠴᠢᠯ ᠪᠠ ᠰᠢᠨᠵᠢᠯᠡᠯ |
作者 |
ᠬᠠᠢᠷᠬᠠᠨ |
关键词 |
ᠲᠠᠷᠬᠠᠨ ᠬᠤᠰᠢᠭᠤ; ᠣᠳᠣ ᠦᠶ ᠠ ;ᠮᠣᠩᠭᠤᠯ ᠤᠷᠠᠨ ᠵᠣᠬᠢᠶᠠᠯ; ᠰᠣᠶᠣᠯ |
摘要 |
ᠲᠠᠷᠬᠠᠨ ᠬᠤᠰᠢᠭᠤᠨ ᠤ ᠤᠳᠤ ᠦᠶ ᠠ ᠶᠢᠨ ᠤᠷᠠᠨ ᠵᠣᠬᠢᠶᠠᠯ ᠢ ᠪᠦᠷᠢᠯᠳᠦᠯ ᠤᠨ ᠦᠶ ᠠ(1947-1977)᠂ ᠬᠦᠭᠵᠢᠯ ᠤᠨ ᠦᠶ ᠠ(1978-1992) ᠪᠠ ᠲᠡᠯᠡᠷᠡᠯ ᠤᠨ ᠦᠶ ᠠ(1993-)ᠭᠡᠵᠦ ᠭᠤᠷᠪᠠᠨ ᠱᠠᠲᠤ ᠬᠤᠪᠢᠶᠠᠨ ᠠᠵᠢᠭᠯᠠᠵᠤ ᠪᠤᠯᠤᠨ᠎ᠠ᠃ ᠪᠦᠷᠢᠯᠳᠦᠯ ᠤᠨ ᠦᠶ ᠠ ᠳ᠋ᠤ᠂ ᠣᠨᠴᠠ ᠵᠠᠷᠢᠮ ᠨᠡᠷᠡᠲᠦ ᠵᠣᠬᠢᠶᠠᠯᠴᠢ ᠴᠣᠯᠭᠤᠷᠠᠵᠤ᠂ ᠬᠦᠭᠵᠢᠯ ᠤᠨ ᠦᠶ ᠠ ᠳ᠋ᠤ᠂ ᠵᠣᠬᠢᠶᠠᠭᠴᠢᠳ ᠤᠨ ᠡᠩᠨᠡᠭᠡ ᠪᠦᠷᠢᠯᠳᠦᠵᠦ᠂ ᠤᠷᠤᠨ ᠲᠠᠶᠠᠭᠠᠷ ᠨᠦᠯᠦᠭᠡ ᠪᠦᠬᠦᠢ ᠨᠡᠷᠡᠲᠦ ᠵᠣᠬᠢᠶᠠᠯᠴᠢᠳ ᠡᠩᠨᠡᠷᠡᠨ ᠪᠤᠰᠴᠤ᠂ ᠤᠯᠠᠨ ᠲᠠᠭᠠᠨ ᠤ ᠨᠦᠯᠦᠭᠡ ᠲᠠᠢ ᠪᠦᠲᠦᠭᠡᠯ ᠮᠡᠨᠳᠦᠯᠡᠵᠦ᠂ ᠲᠠᠯᠡᠷᠡᠯ ᠤᠨ ᠦᠶ ᠡ ᠳ᠋ᠤ᠂ ᠵᠠᠯᠠᠭᠤ ᠦᠶ ᠠ ᠶᠢᠨ ᠵᠣᠬᠢᠶᠠᠭᠴᠢᠳ ᠰᠢᠭᠤᠢᠷᠠᠨ ᠪᠤᠰᠴᠤ᠂ ᠵᠣᠬᠢᠶᠠᠭᠴᠢᠳ ᠤᠨ ᠡᠩᠨᠨᠡᠭᠡ ᠦᠷᠭᠡᠵᠢᠨ᠂ ᠵᠢᠩᠲᠡᠢ ᠪᠦᠲᠦᠭᠡᠯ ᠤᠳ ᠮᠡᠨᠳᠦᠯᠡᠵᠦ᠂ ᠤᠳᠤᠬᠠᠨ ᠳ᠋ᠤ ᠲᠡᠷᠬᠠᠨ ᠬᠤᠰᠢᠭᠤᠨ ᠤ ᠮᠣᠩᠭᠤᠯ ᠢᠢᠡᠷ ᠵᠣᠬᠢᠶᠠᠨ ᠪᠦᠲᠦᠭᠡᠭᠴᠢᠳ ᠵᠢᠷᠠ ᠭᠠᠷᠤᠢ ᠬᠦᠮᠦᠰ ᠪᠤᠯᠤᠭᠰᠠᠨ ᠪᠠᠢᠨ᠎ᠠ᠃ ᠬᠡᠪᠰᠢᠮᠡᠯ ᠰᠢᠨᠵᠢ ᠪᠠ ᠨᠡᠭᠡᠭᠡᠯᠳᠡᠯᠢᠭ ᠰᠢᠨᠵᠢ ᠶᠢᠨ ᠡᠰᠡᠷᠭᠦᠴᠡᠯᠳᠦᠯ ᠨᠢᠭᠡᠳᠦᠯ ᠢᠢᠡᠷ ᠪᠡᠯᠭᠡ ᠲᠡᠮᠳᠡᠭ ᠪᠤᠯᠭᠠᠭᠰᠠᠨ ᠬᠤᠴᠢᠨᠴᠤᠳ ᠤᠨ ᠰᠣᠶᠣᠯ ᠰᠡᠳᠬᠢᠴᠡ ᠶᠢᠨ ᠬᠤᠶᠠᠳᠠᠮᠠᠯ ᠰᠢᠨᠵᠢ ᠪᠤᠯ ᠲᠠᠷᠬᠠᠨ ᠬᠤᠰᠢᠭᠤᠨ ᠤ ᠤᠲᠤ ᠦᠶ ᠠ ᠶᠢᠨ ᠤᠷᠠᠨ ᠵᠣᠬᠢᠶᠠᠯ ᠳ᠋ᠤ ᠢᠯᠡᠷᠡᠭᠰᠡᠨ ᠬᠠᠮᠤᠭ ᠤᠨ ᠮᠦᠨ ᠴᠢᠨᠠᠷᠯᠢᠭ ᠣᠨᠴᠠᠯᠢᠭ ᠪᠤᠯᠤᠨ᠎ᠠ᠃ ᠲᠡᠷᠡ ᠨᠢ ᠭᠤᠤᠯᠳᠠᠭᠤ ᠰᠣᠶᠣᠯ ᠰᠡᠳᠬᠢᠴᠡ ᠶᠢᠨ ᠵᠦᠷᠢᠴᠡᠯᠲᠦ ᠤᠷᠤᠰᠢᠯ ᠪᠠ ᠰᠢᠪᠲᠤᠯᠤᠯᠲᠠ ᠶᠢᠨ ᠤᠬᠠᠮᠰᠠᠷ᠂ ᠤᠯᠠᠮᠵᠢᠯᠠᠯ ᠤᠨ ᠪᠠᠷᠢᠮᠳᠠᠯᠠᠯ ᠪᠠ ᠰᠢᠨᠡᠴᠢᠯᠠᠯᠲᠠ ᠶᠢᠨ ᠤᠬᠠᠮᠰᠠᠷ᠂ ᠡᠭᠡᠯ ᠪᠤᠷᠤᠭᠵᠢᠭᠤᠨ ᠰᠠᠷᠠᠭᠤᠯ ᠤᠨ ᠲᠡᠭᠡᠳᠦᠯᠡᠯ ᠪᠠ ᠤᠷᠠᠨ ᠨᠠᠷᠢᠨ ᠬᠦᠨ ᠤ ᠬᠦᠬᠡᠭᠡᠴᠡᠯᠳᠦᠯ ᠵᠡᠷᠭᠡ ᠰᠣᠶᠣᠯ ᠤᠨ ᠵᠤᠷᠢᠭ ᠰᠠᠨᠠᠭ᠎ᠠ᠂ ᠤᠷᠠᠯᠢᠭ ᠤᠨ ᠤᠨᠴᠠᠯᠢᠭ᠂ ᠭᠤᠤ ᠠ ᠰᠠᠢᠬᠠᠨ ᠤ ᠰᠤᠨᠩᠭᠤᠯᠲᠠ ᠭᠤᠷᠪᠠᠨ ᠲᠠᠯ ᠠ ᠪᠡᠷ ᠢᠯᠡᠷᠡᠵᠦ ᠪᠤᠢ᠃ |
原文 |
查看原文
|
出自 |
内蒙古社会科学(蒙文版)
2017年
第5期
|