题名 |
ᠲᠠᠷᠢᠶᠠᠯᠠᠩ ᠳᠤ ᠬᠡᠷᠡᠭᠯᠡᠬᠦ ᠭᠠᠵᠠᠷ ᠤᠨ ᠳᠡᠰ ᠲᠤᠭᠲᠠᠭᠠᠯᠲᠠ ᠪᠠᠷ ᠰᠠᠭᠤᠷᠢᠯᠠᠭᠰᠠᠨ ᠭᠦ᠋ ᠶᠠᠩ ᠰᠢᠶᠠᠨ ᠤ ᠲᠠᠷᠢᠶᠠᠨ ᠭᠠᠵᠠᠷ ᠤᠨ ᠴᠢᠨᠠᠷ ᠤᠨ ᠰᠤᠳᠤᠯᠤᠯ |
作者 |
ᠰᠤᠶᠤᠯᠲᠤ; ᠵᠠᠩ ᠢᠦᠢ ᠹᠧᠩ |
关键词 |
ᠲᠠᠷᠢᠶᠠᠨ ᠭᠠᠵᠠᠷ ᠤᠨ ᠶᠠᠰᠤ ᠴᠢᠨᠠᠷ; ᠲᠠᠷᠢᠶᠠᠯᠠᠩ ᠳᠤ ᠬᠡᠷᠡᠭᠯᠡᠬᠦ ᠭᠠᠵᠠᠷ ᠤᠨ ᠳᠡᠰ; ᠭᠦ᠋ ᠶᠠᠩ ᠰᠢᠶᠠᠨ |
摘要 |
ᠮᠠᠨ ᠤ ᠤᠯᠤᠰ ᠤᠨ ᠠᠵᠤ ᠠᠬᠤᠢ ᠨᠡᠢᠭᠡᠮ ᠦᠨ ᠦᠳᠳᠡᠷ ᠲᠦᠷᠭᠡᠨ ᠬᠦᠭᠵᠢᠵᠦ᠂ ᠬᠤᠲᠠ ᠪᠠᠯᠭᠠᠰᠤᠵᠢᠯᠲᠠ ᠶᠢᠨ ᠠᠬᠢᠴᠠ ᠮᠠᠰᠢ ᠬᠤᠷᠳᠤᠰᠤᠨ᠂ ᠬᠤᠲᠠ ᠪᠠᠯᠭᠠᠰᠤᠨ ᠤ ᠣᠢᠷ᠎ᠠ ᠣᠷᠴᠢᠨ ᠤ ᠲᠠᠷᠢᠶᠠᠨ ᠭᠠᠵᠠᠷ ᠤᠨ ᠲᠠᠯᠠᠪᠠᠢ ᠮᠠᠰᠢ ᠲᠦᠷᠭᠡᠨ ᠢᠶᠡᠷ ᠬᠤᠷᠤᠭᠳᠠᠬᠤ ᠪᠠᠢᠳᠠᠯ ᠪᠠ ᠭᠠᠵᠠᠷ ᠰᠢᠷᠦᠢ ᠶᠢᠨ ᠬᠠᠮᠢᠶᠠᠷᠤᠯᠲᠠ ᠨᠢ ᠵᠦᠪᠬᠡᠨ ᠲᠤᠭ᠎ᠠ ᠬᠡᠮᠵᠢᠶ᠎ᠡ ᠶᠢᠨ ᠲᠠᠯ᠎ᠠ ᠪᠠᠷ ᠭᠤᠤᠯᠯᠠᠵᠤ᠂ ᠶᠠᠰᠤ ᠴᠢᠨᠠᠷ ᠤᠨ ᠬᠠᠮᠢᠶᠠᠷᠤᠯᠲᠠ ᠶᠢ ᠬᠠᠷᠢᠨ ᠬᠦᠩᠬᠡᠪᠴᠢᠯᠡᠵᠦ ᠪᠠᠢᠭ᠎ᠠ ᠪᠠᠢᠳᠠᠯ ᠢᠶᠠᠷ ᠠᠷᠤ ᠦᠵᠡᠭᠳᠡᠯ ᠪᠤᠯᠭᠠᠵᠤ᠂ ᠦᠪᠦᠷ ᠮᠣᠩᠭᠤᠯ ᠤᠨ ᠭᠦ᠋ ᠶᠠᠩ ᠰᠢᠶᠠᠨ ᠢᠶᠠᠷ ᠵᠢᠱᠢᠶᠡᠯᠡᠨ ᠲᠠᠷᠢᠶᠠᠯᠠᠬᠤ ᠭᠠᠵᠠᠷ ᠤᠨ ᠳᠡᠰ ᠲᠤᠭᠲᠠᠭᠠᠯᠲᠠ ᠤᠨ ᠬᠡᠰᠡᠭ ᠭᠠᠵᠠᠷ ᠣᠷᠤᠨ ᠳᠤ ᠬᠡᠷᠬᠢᠨ ᠬᠡᠷᠡᠭᠵᠢᠭᠦᠯᠦᠭᠳᠡᠵᠦ ᠪᠠᠢᠬᠤ ᠵᠢᠴᠢ ᠲᠡᠭᠦᠨ ᠦ ᠲᠠᠷᠬᠠᠴᠢ ᠶᠢᠨ ᠣᠨᠴᠠᠯᠢᠭ ᠰᠢᠨᠵᠢ᠂ ᠵᠢᠮ᠎ᠡ ᠶᠤᠰᠤ ᠶᠢ ᠨᠠᠷᠢᠯᠢᠭ ᠰᠢᠨᠵᠢᠯᠡᠨ ᠵᠠᠳᠠᠯᠵᠤ᠂ ᠰᠢᠨᠵᠢᠯᠡᠬᠦ ᠤᠬᠠᠭᠠᠨᠴᠢ ᠪᠠᠷ ᠭᠠᠵᠠᠷ ᠰᠢᠷᠦᠢ ᠶᠢᠨ ᠡᠬᠢ ᠪᠠᠶᠠᠯᠢᠭ ᠢ ᠬᠠᠮᠢᠶᠠᠷᠬᠤ ᠪᠠ ᠦᠷᠭᠦᠯᠵᠢᠯᠡᠬᠦᠢᠴᠡ ᠬᠦᠭᠵᠢᠯᠲᠡ ᠲᠡᠢ ᠠᠰᠢᠭᠯᠠᠬᠤ ᠳᠤ ᠰᠢᠨᠵᠢᠯᠡᠬᠦ ᠤᠬᠠᠭᠠᠨᠴᠢ ᠪᠠᠷᠢᠮᠲᠠ ᠬᠠᠩᠭᠠᠵᠠᠢ᠃ ᠰᠤᠳᠤᠯᠭᠠᠨ ᠤ ᠠᠷᠭ᠎ᠠ᠄ ᠬᠠᠷᠢᠴᠠᠭᠤᠯᠤᠨ ᠵᠠᠳᠠᠯᠬᠤ ᠠᠷᠭ᠎ᠠ᠂ ᠲᠤᠭ᠎ᠠ ᠪᠦᠷᠢᠳᠭᠡᠯ ᠦᠨ ᠠᠷᠭ᠎ᠠ᠂ ᠣᠷᠤᠨ ᠵᠠᠢ ᠶᠢᠨ ᠵᠠᠳᠠᠯᠤᠯᠲᠠ ᠶᠢᠨ ᠠᠷᠭ᠎ᠠ᠂ ᠲᠤᠬᠠᠢ ᠶᠢᠨ ᠭᠠᠵᠷ ᠲᠤ ᠪᠠᠢᠴᠠᠭᠠᠯᠲᠠ ᠬᠢᠬᠦ ᠠᠷᠭ᠎ᠠ ᠵᠡᠷᠭᠡ᠃ ᠰᠤᠳᠤᠯᠭᠠᠨ ᠤ ᠦᠷ᠎ᠡ ᠳ᠋ᠦᠩ᠄ ᠭᠦ᠋ ᠶᠠᠩ ᠰᠢᠶᠠᠨ ᠤ ᠲᠠᠷᠢᠶᠠᠯᠠᠩ ᠳᠤ ᠬᠡᠷᠡᠭᠯᠡᠬᠦ ᠭᠠᠵᠠᠷ ᠢ ᠶᠡᠷᠦᠩᠬᠡᠢ ᠳᠦᠨᠢ ᠠᠪᠴᠤ ᠦᠵᠡᠪᠡᠯ᠂ ᠶᠠᠰᠤ ᠴᠢᠨᠠᠷ ᠨᠢ ᠬᠠᠷᠢᠴᠠᠩᠭᠤᠢ ᠪᠠᠷ ᠳᠤᠤᠷ᠎ᠠ᠂ ᠴᠢᠨᠠᠷ ᠰᠠᠢᠨ ᠭᠠᠵᠠᠷ ᠤᠨ ᠡᠵᠡᠯᠡᠬᠦ ᠬᠤᠪᠢ ᠪᠠᠭ᠎ᠠ᠂ ᠡᠭᠦᠨ ᠦ ᠡᠰᠡᠷᠭᠦ ᠪᠡᠷ ᠶᠠᠰᠤ ᠴᠢᠨᠠᠷ ᠳᠤᠤᠷ᠎ᠠ ᠭᠠᠵᠠᠷ ᠤᠨ ᠡᠵᠡᠯᠡᠬᠦ ᠬᠠᠷᠢᠴᠠᠯ ᠨᠡᠯᠢᠶᠡᠳ ᠶᠡᠬᠡ ᠪᠠᠢᠨ᠎ᠠ᠃ ᠠᠵᠤ ᠠᠬᠤᠢ ᠶᠢᠨ ᠳᠡᠰ ᠨᠢ Ⅰ᠋ ᠡᠴᠡ Ⅷ ᠳᠡᠰ ᠦᠨ ᠪᠠᠢᠵᠤ᠂ ᠵᠡᠷᠭᠡ ᠳᠡᠰ ᠨᠢ ᠬᠠᠷᠢᠠᠩᠭᠤᠢ ᠪᠠᠷ ᠦᠨᠳᠦᠷ ᠪᠦᠭᠡᠳ ᠶᠠᠰᠤ ᠴᠢᠨᠠᠷ ᠰᠠᠢᠨ ᠰᠢᠭ᠋ Ⅳ᠂Ⅴ ᠳᠡᠰ ᠨᠢ ᠭᠤᠤᠯᠳᠠᠭᠤ ᠵᠢᠨ ᠱᠠᠨ ᠪᠠᠯᠭᠠᠰᠤ ᠶᠢᠨ ᠣᠢᠷ᠎ᠠ ᠬᠠᠪᠢ ᠪᠠᠷ ᠲᠠᠷᠬᠠᠵᠤ᠂ ᠶᠡᠷᠦᠩᠬᠡᠢ ᠲᠠᠯᠠᠪᠠᠢ ᠨᠢ 1872.68hm2 ᠪᠤᠢ᠃ ᠡᠨᠡ ᠨᠢ
ᠭᠦ᠋ ᠶᠠᠩ ᠰᠢᠶᠠᠨ ᠤ ᠲᠠᠷᠢᠶᠠᠨ ᠭᠠᠵᠠᠷ ᠤᠨ ᠶᠡᠷᠦᠩᠬᠡᠢ ᠲᠠᠯᠠᠪᠠᠢ ᠶᠢ 0.99%᠋ ᠶᠢ ᠡᠵᠡᠯᠡᠬᠦ ᠪᠦᠭᠡᠳ ᠪᠦᠬᠦᠨ ᠢᠶᠡᠷ ᠢᠶᠡᠨ ᠤᠰᠤᠯᠠᠯᠲᠠ ᠶᠢᠨ ᠲᠠᠷᠢᠶ᠎ᠠ ᠪᠤᠯᠤᠨ᠎ᠠ᠃ ᠡᠭᠦᠨ ᠦ ᠡᠰᠡᠷᠭᠦ ᠪᠡᠷ᠂ ᠶᠠᠰᠤ ᠴᠢᠨᠠᠷ ᠮᠠᠭᠤᠲᠠᠢ ᠪᠦᠭᠡᠳ ᠳᠡᠰ ᠢᠶᠡᠷ ᠬᠠᠷᠢᠴᠠᠩᠭᠤᠢ ᠳᠤᠤᠷ᠎ᠠ ᠪᠤᠯᠬᠤ Ⅰ᠋ ᠳᠡᠰ ᠦᠨ ᠲᠠᠷᠢᠶᠠᠨ ᠭᠠᠵᠠᠷ ᠤᠨ ᠲᠠᠯᠠᠪᠠᠢ ᠨᠢ 180574.93hm2 ᠪᠠᠢᠵᠤ᠂ ᠪᠦᠬᠦ ᠰᠢᠶᠠᠨ ᠤ ᠲᠠᠷᠢᠶᠠᠨ ᠭᠠᠵᠠᠷ ᠤᠨ ᠶᠡᠷᠦᠩᠬᠡᠢ ᠲᠠᠯᠠᠪᠠᠢ ᠶᠢᠨ 95.44% ᠶᠢ ᠡᠵᠡᠯᠡᠨ᠎ᠡ᠃ ᠡᠭᠦᠨ ᠡᠴᠡ ᠮᠡᠳᠡᠬᠦ ᠨᠢ᠂ ᠭᠦ᠋ ᠶᠠᠩ ᠰᠢᠶᠠᠨ ᠤ ᠲᠠᠷᠢᠶᠠᠨ ᠭᠠᠵᠠᠷ ᠤᠨ ᠬᠦᠷᠦᠰᠦ ᠰᠢᠷᠦᠢ ᠶᠢᠨ ᠴᠢᠨᠠᠷ ᠬᠠᠷᠢᠴᠠᠩᠭᠤᠢ ᠪᠠᠷ ᠳᠤᠤᠷ᠎ᠠ ᠪᠠᠢᠵᠤ᠂ ᠪᠠᠢᠭᠠᠯᠢ ᠶᠢᠨ ᠨᠦᠬᠦᠴᠡᠯ ᠪᠡ ᠠᠰᠢᠭᠯᠠᠬᠤ ᠪᠤᠯᠬᠤ ᠨᠦᠬᠦᠴᠡᠯ ᠨᠢ ᠴᠦ ᠠᠨᠠᠢᠬᠠᠨ ᠪᠠᠢᠨ᠎ᠠ᠃ |
原文 |
没有原文
|
出自 |
内蒙古师范大学学报(自然科学蒙古文版)
2014年
第1期
|