题名 |
ᠬᠠᠲᠠᠭᠤᠯᠢᠭ ᠬᠠᠭᠤᠷᠤᠭᠰᠠᠨ ᠠᠮᠤ ᠶᠢ ᠪᠤᠯᠪᠠᠰᠤᠷᠠᠭᠤᠯᠬᠤ ᠮᠡᠷᠭᠡᠵᠢᠯ ᠦᠨ ᠵᠠᠳᠠᠯᠤᠯᠲᠠ |
作者 |
ᠲᠤᠶᠠᠭ᠎ᠠ; ᠳ᠋ᠦ᠋ ᠸᠧᠨ ᠯᠢᠶᠠᠩ; ᠤᠶᠤᠨᠲᠠᠨ᠎ᠠ |
关键词 |
ᠬᠠᠲᠠᠭᠤᠯᠢᠭ ᠬᠠᠭᠤᠷᠤᠭᠰᠠᠨ ᠠᠮᠤ; ᠪᠤᠯᠪᠠᠰᠤᠷᠠᠭᠤᠯᠬᠤ ᠮᠡᠷᠭᠡᠵᠢᠯ; ᠲᠤᠷᠰᠢᠯᠲᠠ ᠶᠢᠨ ᠡᠯᠧᠮᠧᠨ᠋ᠲ |
摘要 |
ᠬᠠᠭᠤᠷᠤᠭᠰᠠᠨ ᠠᠮᠤ ᠶᠢ ᠪᠤᠯᠪᠠᠰᠤᠷᠠᠭᠤᠯᠬᠤ ᠶᠠᠪᠤᠴᠠ ᠳᠤ ᠳᠡᠪᠲᠦᠭᠡᠬᠦ ᠤᠰᠤᠨ ᠤ ᠬᠡᠮᠵᠢᠶ᠎ᠡ (ᠳᠤᠷᠤᠭᠴᠢ ᠳᠡᠪᠲᠦᠭᠡᠬᠦ ᠳᠤᠯᠠᠭᠠᠨ ᠭᠡᠨ᠎ᠡ)᠂ ᠳᠡᠪᠲᠡᠭᠡᠬᠦ ᠴᠠᠭ᠂ ᠵᠢᠩᠨᠡᠬᠦ ᠴᠠᠭ ᠪᠠ ᠬᠠᠭᠤᠷᠬᠤ ᠬᠠᠯᠠᠭᠤᠨ ᠤ ᠬᠡᠮᠵᠢᠶ᠎ᠡ ᠪᠡᠷ ᠲᠤᠷᠰᠢᠯᠲᠠ ᠶᠢᠨ ᠡᠯᠧᠮᠧᠨ᠋ᠲ ᠪᠤᠯᠭᠠᠵᠤ᠂ ᠤᠰᠤ ᠰᠡᠷᠭᠦᠬᠦ ᠴᠠᠭ᠂ ᠰᠠᠷᠠᠯ ᠤᠨ ᠦᠨᠡᠯᠡᠯᠲᠡ ᠪᠡ ᠪᠤᠳᠠᠭ᠎ᠠ ᠭᠠᠷᠬᠤ ᠨᠤᠷᠮ᠎ᠠ ᠪᠠᠷ ᠴᠢᠳᠠᠪᠬᠢᠵᠢᠭᠤᠯᠤᠨ ᠦᠨᠡᠯᠡᠬᠦ ᠭᠦᠢᠴᠡᠳᠭᠡᠯ ᠪᠤᠯᠭᠠᠨ᠂ ᠬᠤᠶᠠᠷ ᠤᠳᠠᠭ᠎ᠠ ᠶᠢᠨ ᠡᠭᠴᠡ ᠣᠭᠲᠤᠯᠤᠯᠴᠠᠬᠤ ᠡᠷᠭᠢᠭᠦᠯᠭᠡᠨ ᠪᠠᠭ ᠤᠨ ᠵᠢᠷᠤᠭ ᠪᠦᠷᠢᠯᠳᠦᠭᠦᠯᠵᠡᠢ᠃ ᠡᠭᠦᠨ ᠦ ᠬᠠᠮᠲᠤ᠂ ᠵᠢᠷᠤᠭ ᠤᠨ ᠵᠠᠳᠠᠯᠤᠯᠲᠠ ᠪᠠᠷ ᠳᠠᠮᠵᠢᠨ᠂ ᠵᠠᠭᠪᠤᠷ ᠤᠨ ᠡᠯ᠎ᠡ ᠡᠯᠧᠮᠧᠨ᠋ᠲ ᠨᠢ ᠴᠢᠳᠠᠪᠬᠢᠲᠤ ᠭᠦᠢᠴᠡᠳᠭᠡᠯ ᠳᠦ ᠦᠵᠡᠭᠦᠯᠬᠦ ᠨᠦᠯᠦᠭᠡᠨ ᠦ ᠵᠢᠮ᠎ᠡ ᠶᠤᠰᠤ ᠶᠢ ᠵᠠᠳᠠᠯᠵᠤ᠂ ᠬᠠᠳᠠᠭᠤᠯᠢᠭ ᠬᠠᠭᠤᠷᠤᠭᠰᠠᠨ ᠠᠮᠤ ᠶᠢᠨ ᠴᠢᠨᠠᠷ ᠢ ᠨᠦᠯᠦᠭᠡᠯᠡᠬᠦ ᠪᠤᠯᠪᠠᠰᠤᠷᠠᠭᠤᠯᠬᠤ ᠮᠡᠷᠭᠡᠵᠢᠯ ᠦᠨ ᠡᠯᠧᠮᠧᠨ᠋ᠲ ᠪᠠ ᠭᠦᠢᠴᠡᠳᠭᠡᠯ ᠦᠨ ᠬᠤᠭᠤᠷᠤᠨᠳᠤᠬᠢ ᠬᠠᠷᠢᠴᠠᠭ᠎ᠠ ᠶᠢ ᠢᠯᠡᠷᠡᠭᠦᠯᠦᠨ᠂ ᠬᠠᠲᠠᠭᠤᠯᠢᠭ ᠬᠠᠭᠤᠷᠤᠭᠰᠠᠨ ᠠᠮᠤ ᠶᠢ ᠮᠧᠬᠠᠨᠢᠭᠵᠢᠭᠤᠯᠤᠨ ᠦᠢᠯᠡᠳᠪᠦᠷᠢᠯᠡᠬᠦ ᠳᠦ ᠣᠨᠣᠯ ᠤᠨ ᠪᠠᠷᠢᠮᠲᠠ ᠬᠠᠩᠭᠠᠵᠠᠢ᠃ |
原文 |
没有原文
|
出自 |
内蒙古师范大学学报(自然科学蒙古文版)
2014年
第4期
|