题名 |
ᠮᠣᠩᠭᠤᠯᠴᠤᠳ ᠤᠨ ᠤᠯᠠᠮᠵᠢᠯᠠᠯᠲᠤ ᠣᠷᠤᠨ ᠪᠠᠢᠷᠢ ᠶᠢᠨ ᠣᠢᠯᠠᠭᠠᠭᠳᠠᠬᠤᠨ ᠳᠠᠬᠢ ᠪᠠᠢᠭᠠᠯᠢ ᠰᠢᠲᠦᠯᠭᠡ ᠶᠢᠨ ᠤᠬᠠᠮᠰᠠᠷ |
作者 |
ᠵᠢᠨ ᠾᠧᠢ ᠶᠢᠩ; ᠠᠯᠲᠠᠨᠭᠡᠷᠡᠯ |
关键词 |
ᠮᠣᠩᠭᠤᠯᠴᠤᠳ; ᠤᠯᠠᠮᠵᠢᠯᠠᠯᠲᠤ ᠴᠠᠭ ᠮᠦᠴᠡ ᠶᠢᠨ ᠣᠢᠯᠠᠭᠠᠭᠳᠠᠬᠤᠨ; ᠨᠠᠷᠠᠨ ᠰᠢᠲᠦᠯᠭᠡ; ᠪᠠᠢᠭᠠᠯᠢ ᠰᠢᠲᠦᠯᠭᠡ |
摘要 |
ᠮᠣᠩᠭᠤᠯᠴᠤᠳ ᠤᠨ ᠤᠯᠠᠮᠵᠢᠯᠠᠯᠲᠤ ᠣᠷᠤᠨ ᠪᠠᠢᠷᠢ ᠶᠢᠨ ᠣᠢᠯᠠᠭᠠᠭᠳᠠᠬᠤᠨ ᠨᠢ ᠠᠩᠬ᠎ᠠ ᠨᠠᠷᠠᠨ ᠤ ᠬᠠᠪᠲᠠᠭᠠᠢ ᠵᠠᠢ ᠳᠠᠬᠢ ᠲᠦᠷᠦᠨ ᠤᠷᠭᠤᠬᠤ ᠵᠦᠭ ᠪᠤᠯᠤᠨ ᠰᠢᠩᠭᠡᠨ ᠣᠷᠤᠬᠤ ᠵᠦᠭ ᠢᠶᠡᠷ ᠪᠠᠷᠢᠮᠵᠢᠶ᠎ᠠ ᠪᠤᠯᠭᠠᠨ ᠦᠨᠳᠦᠰᠦᠨ ᠬᠤᠶᠠᠷ ᠣᠷᠤᠨ ᠪᠠᠢᠷᠢ ᠪᠤᠯᠬᠤ 《ᠨᠠᠷᠠᠨ ᠤᠷᠭᠤᠬᠤ ᠲᠠᠯ᠎ᠠ》 ᠪᠤᠯᠤᠨ 《ᠨᠠᠷᠠᠨ ᠰᠢᠩᠭᠡᠬᠦ ᠲᠠᠯ᠎ᠠ》 ᠶᠢ ᠲᠤᠭᠲᠠᠭᠠᠨ ᠤᠬᠠᠭᠠᠷᠠᠵᠤ; ᠳᠠᠷᠠᠭ᠎ᠠ ᠨᠢ ᠨᠠᠷᠠᠨ ᠤ ᠪᠤᠰᠤᠭᠠᠯᠵᠢᠨ ᠵᠠᠢ ᠳᠠᠬᠢ ᠬᠠᠮᠤᠭ ᠦᠨᠳᠦᠷ ᠴᠡᠭ ᠪᠤᠯᠬᠤ ᠨᠠᠷᠠᠨ ᠦᠳᠡ ᠶᠢᠨ ᠬᠠᠷᠠᠭᠠᠯᠵᠠᠭᠰᠠᠨ ᠲᠠᠯ ᠠ ᠶᠢᠨ ᠬᠠᠪᠲᠠᠭᠠᠢ ᠵᠠᠢ ᠳᠠᠬᠢ ᠳᠤᠰᠬᠠᠯᠲᠠ ᠶᠢᠨ ᠣᠷᠤᠨ ᠪᠠᠢᠷᠢ ᠶᠢ 《ᠨᠠᠷᠠᠨ ᠦᠳᠡ ᠲᠠᠯ᠎ᠠ》 ᠬᠡᠮᠡᠵᠦ᠂ ᠬᠠᠮᠤᠭ ᠳᠤᠤᠷ᠎ᠠ ᠴᠡᠭ ᠪᠤᠯᠬᠤ ᠰᠦᠨᠢ ᠲᠦᠯᠢ ᠶᠢᠨ ᠬᠠᠷᠠᠭᠠᠯᠵᠠᠭᠰᠠᠨ ᠲᠠᠯ᠎ᠠ ᠶᠢᠨ ᠬᠠᠪᠲᠠᠭᠠᠢ ᠵᠠᠢ ᠳᠠᠬᠢ ᠣᠷᠤᠨ ᠪᠠᠢᠷᠢ ᠶᠢ 《ᠰᠦᠨᠢ ᠲᠦᠯᠢ ᠲᠠᠯ᠎ᠠ》 ᠬᠡᠮᠡᠨ ᠲᠤᠭᠲᠠᠭᠠᠨ ᠲᠠᠨᠢᠵᠤ᠂ ᠬᠤᠶᠠᠷ ᠲᠠᠯ᠎ᠠ ᠶᠢᠨ ᠣᠢᠯᠠᠭᠠᠯᠲᠠ ᠠᠴᠠ ᠳᠦᠷᠪᠡᠨ ᠲᠠᠯ᠎ᠠ ᠶᠢᠨ ᠣᠢᠯᠠᠭᠠᠯᠲᠠ ᠳᠤ ᠬᠦᠷᠴᠦ; ᠳᠠᠬᠢᠨ ᠡᠭᠦᠨ ᠦ ᠳᠡᠭᠡᠷ᠎ᠡ ᠨᠠᠷᠠᠨ ᠤᠷᠭᠤᠬᠤ ᠶᠢᠨ ᠪᠠᠷᠠᠭᠤᠨ ᠲᠠᠯ᠎ᠠ᠂ ᠵᠡᠭᠦᠨ ᠲᠠᠯ᠎ᠠ ᠵᠢᠴᠢ ᠨᠠᠷᠠᠨ ᠰᠢᠩᠭᠡᠭᠦᠢ ᠶᠢᠨ ᠪᠠᠷᠠᠭᠤᠨ ᠲᠠᠯ᠎ᠠ᠂ ᠵᠡᠭᠦᠨ ᠲᠠᠯ᠎ᠠ ᠪᠤᠶᠤ ᠡᠰᠡᠭᠦᠯ ᠡ ᠨᠠᠷᠠᠨ ᠤᠷᠭᠤᠬᠤ ᠦᠳᠡ ᠬᠤᠶᠠᠷ ᠤᠨ ᠬᠤᠭᠤᠷᠤᠨᠳᠤ᠂ ᠨᠠᠷᠠᠨ ᠰᠢᠩᠭᠡᠬᠦ ᠦᠳᠡ ᠬᠤᠶᠠᠷ ᠤᠨ ᠬᠤᠭᠤᠷᠤᠨᠳᠤ᠂ ᠨᠠᠷᠠᠨ ᠰᠢᠩᠭᠡᠬᠦ ᠰᠦᠨᠢ ᠲᠦᠯᠢ ᠬᠤᠶᠠᠷ ᠤᠨ ᠬᠤᠭᠤᠷᠤᠨᠳᠤ᠂ ᠨᠠᠷᠠᠨ ᠰᠢᠩᠭᠡᠬᠦ ᠰᠦᠨᠢ ᠲᠦᠯᠢ ᠬᠤᠶᠠᠷ ᠤᠨ ᠬᠤᠭᠤᠷᠤᠨᠳᠤ᠂ ᠨᠠᠷᠠᠨ ᠤᠷᠭᠤᠬᠤ ᠰᠦᠨᠢ ᠲᠦᠯᠢ ᠬᠤᠶᠠᠷ ᠤᠨ ᠬᠤᠭᠤᠷᠤᠨᠳᠤ ᠭᠡᠬᠦ ᠣᠷᠤᠨ ᠪᠠᠢᠷᠢ ᠶᠢ ᠨᠡᠮᠡᠭᠡᠳ ᠨᠠᠶᠮᠠᠨ ᠲᠠᠯ ᠠ ᠶᠢᠨ ᠣᠢᠯᠠᠭᠠᠯᠲᠠ ᠪᠤᠯᠤᠭᠰᠠᠨ ᠪᠠᠢᠨ᠎ᠠ᠃ |
原文 |
查看原文
|
出自 |
中国蒙古学
2015年
第2期
|