摘要 |
ᠲᠤᠰ ᠦᠭᠦᠯᠡᠯ ᠳᠦ ᠂ ᠵᠤᠬᠢᠶᠠᠭᠴᠢ ᠠᠴᠠ ᠢᠨᠵᠠᠨᠠᠨᠰᠢ ᠶᠢᠨ 《ᠲᠦᠭᠦᠷᠢᠭ᠌ ᠬᠦᠷᠦᠭ ᠦᠨ ᠦᠭᠦᠯᠡᠯ》ᠭᠡᠬᠦ ᠲᠡᠮᠳᠡᠭᠯᠡᠯ ᠦᠭᠦᠯᠡᠯ ᠢ ᠦᠰᠦᠭ ᠪᠢᠴᠢᠭ᠌᠂ ᠭᠠᠵᠠᠷ ᠵᠦᠢ᠂ ᠣᠳᠤᠨ ᠣᠷᠤᠨ ᠤ ᠲᠠᠯ᠎ᠠ ᠠᠴᠠ ᠨᠠᠷᠢᠨ ᠭᠦᠨᠵᠡᠭᠡᠢ ᠰᠢᠨᠵᠢᠯᠡ ᠨᠠᠷᠢᠪᠴᠢᠯᠠᠵᠤ᠂ ᠳᠠᠯᠠᠢ ᠶᠢᠨ ᠠᠶᠠᠯᠠᠯ ᠤᠨ ᠵᠠᠮ ᠱᠤᠭᠤᠮ ᠳᠡᠭᠡᠷᠡᠬᠢ ᠵᠠᠷᠢᠮ ᠴᠢᠬᠤᠯᠠ ᠪᠤᠭᠤᠮᠲᠠ ᠭᠠᠷᠠᠮ᠂ ᠬᠤᠲᠠ ᠪᠠᠯᠭᠠᠰᠤᠨ ᠤ ᠣᠳᠣᠬᠢ ᠣᠷᠤᠨ ᠪᠠᠢ᠌ᠷᠢ᠂ ᠨᠡᠷ᠎ᠡ ᠳᠠᠭᠤᠳᠠᠯᠭ᠎ᠠ ᠶᠢ ᠰᠢᠨ᠎ᠡ ᠪᠡᠷ ᠮᠠᠭᠠᠳᠯᠠᠨ ᠲᠤᠳᠤᠯᠠᠭᠠᠳ ᠲᠠᠢ᠌ᠯᠪᠤᠷᠢ ᠲᠤᠳᠤᠷᠬᠠᠢ᠌ᠯᠠᠯ ᠬᠢᠵᠡᠢ᠃ 《ᠲᠦᠭᠦᠷᠢᠭ᠌ ᠬᠦᠷᠦᠭ ᠦᠨ ᠦᠭᠦᠯᠡᠯ》ᠪᠤᠯ ᠮᠣᠩ᠋ᠭᠤᠯᠴᠤᠳ ᠤᠨ ᠨᠠᠷᠠ ᠪᠠᠷ ᠲᠦᠪᠯᠡᠬᠦ ᠶᠤᠰᠤᠨ ᠢ ᠬᠦᠯᠢᠶᠡᠭᠰᠡᠨ ᠰᠡᠳᠬᠢᠴᠡ ᠶᠢᠨ ᠠᠵᠢᠯᠯᠠᠭᠠᠨ ᠤ ᠬᠦᠭ᠍ᠵᠢᠯ ᠦᠨ ᠲᠡᠦᠬᠡᠨ ᠳᠡᠭᠡᠷᠡᠬᠢ ᠨᠢᠭᠡᠨ ᠯᠤᠳᠤ ᠲᠤᠮᠤ ᠬᠦᠰᠢᠶ᠎ᠡ ᠳᠤᠷᠠᠰᠬᠠᠯ ᠪᠤᠯᠤᠨ᠎ᠠ ᠭᠡᠵᠦ ᠦᠵᠡᠭᠰᠡᠨ ᠪᠠᠢ᠌ᠨ᠎ᠠ᠃ |