题名 |
ᠵᠢᠩᠬᠢᠨᠢ ᠠᠩᠭᠢ ᠶᠢᠨ ᠤᠶᠤᠲᠠᠳ ᠤᠨ ᠲᠭᠦᠰᠬᠦ ᠦᠭᠦᠯᠡᠯ ᠳᠦ ᠣᠷᠤᠰᠢᠵᠤ ᠪᠦᠬᠦᠢ ᠠᠰᠠᠭᠤᠳᠠᠯ ᠵᠢᠴᠢ ᠵᠢᠭᠠᠨ ᠵᠢᠯᠤᠭᠤᠳᠬᠤ |
作者 |
ᠰᠡᠴᠡᠨᠪᠠᠭᠠᠲᠤᠷ |
关键词 |
ᠤᠶᠤᠲᠠᠨ; ᠲᠡᠭᠦᠰᠬᠦ ᠦᠭᠦᠯᠡᠯ; ᠰᠢᠨ᠎ᠡ ᠶᠢ ᠡᠭᠦᠳᠬᠦ ᠴᠢᠳᠠᠪᠤᠷᠢ |
摘要 |
ᠤᠶᠤᠲᠠᠳ ᠤᠨ ᠴᠤᠯᠠ ᠬᠠᠮᠭᠠᠯᠠᠬᠤ ᠦᠭᠦᠯᠡᠯ ᠢ ᠵᠤᠬᠢᠶᠠᠨ ᠪᠦᠲᠦᠭᠡᠬᠦ ᠶᠠᠪᠤᠴᠠ ᠨᠢ ᠤᠶᠤᠲᠠᠳ ᠤᠨ ᠰᠤᠷᠤᠯᠴᠠᠬᠤ᠂ ᠦᠢᠯᠡᠳᠦᠯᠭᠡᠴᠢᠯᠡᠨ ᠰᠦᠪᠡᠭᠴᠢᠯᠡᠬᠦ ᠪᠡ ᠰᠢᠨ᠎ᠡ ᠶᠢ ᠡᠭᠦᠳᠬᠦ ᠶᠢ ᠤᠶᠠᠯᠳᠤᠭᠤᠯᠤᠭᠰᠠᠨ ᠶᠡᠷᠦᠩᠬᠡᠶᠢᠯᠡᠭᠰᠡᠨ ᠵᠢᠭᠠᠨ ᠰᠤᠷᠭᠠᠬᠤ ᠶᠠᠪᠤᠴᠠ ᠪᠤᠯᠬᠤ ᠪᠠᠷ ᠦᠯᠦ ᠪᠠᠷᠠᠨ᠂ ᠮᠦᠨᠴᠦ ᠤᠶᠤᠲᠠᠳ ᠤᠨ ᠰᠤᠷᠤᠭᠰᠠᠨ ᠮᠡᠳᠡᠯᠭᠡ ᠪᠡᠨ ᠠᠰᠢᠭᠯᠠᠨ ᠲᠤᠰᠬᠠᠢ ᠮᠡᠷᠭᠡᠵᠢᠯ ᠦᠨ ᠪᠤᠳᠠᠲᠠᠢ ᠠᠰᠠᠭᠤᠳᠠᠯ ᠢ ᠰᠢᠢᠳᠪᠦᠷᠢᠯᠡᠬᠦ ᠴᠢᠳᠠᠪᠤᠷᠢ ᠶᠢ ᠬᠢᠨᠠᠨ ᠪᠠᠢᠴᠠᠭᠠᠬᠤ ᠶᠠᠪᠤᠴᠠ ᠶᠤᠮ᠃ ᠡᠨᠡᠬᠦ ᠵᠢᠭᠠᠨ ᠰᠤᠷᠭᠠᠯᠲᠠ ᠶᠢᠨ ᠶᠠᠪᠤᠴᠠ ᠶᠢ ᠬᠢᠷᠢ ᠵᠡᠷᠭᠡ ᠡᠷᠬᠢᠮᠯᠡᠬᠦ ᠨᠢ ᠮᠠᠨ ᠤ ᠬᠦᠮᠦᠵᠢᠭᠦᠯᠦᠭᠰᠡᠨ ᠤᠶᠤᠲᠠᠳ ᠤᠨ ᠴᠢᠨᠠᠷ ᠴᠢᠨᠰᠠᠭ᠎ᠠ ᠶᠢ ᠰᠢᠭᠤᠳ ᠨᠦᠯᠦᠭᠡᠯᠡᠬᠦ ᠶᠤᠮ᠃ ᠠᠵᠢᠯ ᠣᠯᠬᠤ ᠳᠠᠷᠤᠯᠲᠠ ᠬᠦᠨᠳᠦ᠂ ᠰᠤᠷᠤᠭᠴᠢ ᠦᠷᠭᠡᠳᠭᠡᠨ ᠡᠯᠰᠡᠭᠰᠡᠨ ᠡᠴᠡ ᠰᠤᠷᠤᠭᠴᠢᠳ ᠤᠨ ᠤᠤᠷ ᠴᠢᠨᠰᠠᠭ᠎ᠠ ᠳᠤᠷᠤᠭᠰᠢᠯᠠᠭᠰᠠᠨ᠂ ᠰᠤᠷᠭᠠᠨ ᠬᠦᠮᠦᠵᠢᠯ ᠦᠨ ᠡᠬᠢ ᠰᠤᠷᠪᠤᠯᠵᠢ ᠬᠦᠷᠦᠯᠴᠡᠬᠦ ᠦᠭᠡᠢ ᠪᠠᠢᠬᠤ᠂ ᠲᠡᠭᠦᠰᠬᠦ ᠦᠭᠦᠯᠡᠯ ᠦᠨ ᠬᠢᠨᠠᠨ ᠪᠠᠢᠴᠠᠭᠠᠯᠲᠠ ᠶᠢᠨ ᠳᠦᠷᠢᠮ ᠲᠤᠭᠲᠠᠭᠠᠯ ᠤᠨ ᠬᠡᠷᠡᠭᠵᠢᠭᠦᠯᠦᠯᠲᠡ ᠨᠢ ᠲᠡᠢᠮᠦ ᠡᠷᠴᠢᠮ ᠲᠡᠢ ᠪᠢᠰᠢ ᠵᠡᠷᠭᠡ ᠪᠤᠳᠠᠲᠤ ᠰᠢᠯᠲᠠᠭᠠᠨ ᠨᠢ ᠣᠳᠤᠬᠠᠨ ᠤ ᠤᠶᠤᠲᠠᠳ ᠤᠨ ᠲᠡᠭᠦᠰᠬᠦ ᠦᠭᠦᠯᠡᠯ ᠦᠨ ᠴᠢᠨᠠᠷ ᠴᠢᠨᠰᠠᠭ᠎ᠠ ᠳᠤᠷᠤᠭᠰᠢᠯᠠᠭᠰᠠᠨ ᠤ ᠰᠢᠭᠤᠳ ᠰᠢᠯᠲᠠᠭᠠᠨ ᠪᠤᠯᠬᠤ ᠶᠤᠮ᠃ ᠡᠭᠦᠨ ᠡᠴᠡ ᠭᠠᠳᠠᠨ᠎ᠠ᠂ ᠤᠶᠤᠲᠠᠳ ᠦᠪᠡᠷᠲᠡᠭᠡᠨ ᠦᠯᠦ ᠴᠢᠬᠤᠯᠠᠴᠢᠯᠠᠬᠤ᠂ ᠪᠠᠭᠰᠢ ᠨᠠᠷ ᠤᠨ ᠵᠢᠭᠠᠨ ᠵᠢᠯᠤᠭᠤᠳᠤᠯᠭ᠎ᠠ ᠰᠤᠯᠠ ᠵᠠᠳᠠᠭᠠᠢ ᠪᠠᠢᠭ᠎ᠠ ᠨᠢ ᠤᠶᠤᠲᠠᠳ ᠤᠨ ᠲᠡᠭᠦᠰᠬᠦ ᠦᠭᠦᠯᠡᠯ ᠦᠨ ᠰᠢᠨᠠᠷ ᠴᠢᠨᠰᠠᠭ᠎ᠠ ᠳᠤᠷᠤᠭᠰᠢᠯᠠᠭᠰᠠᠨ ᠤ ᠪᠠᠰᠠ ᠨᠢᠭᠡ ᠰᠢᠯᠲᠠᠭᠠᠨ ᠪᠤᠯᠬᠤ ᠶᠤᠮ᠃ ᠰᠢᠨ᠎ᠡ ᠶᠢ ᠡᠭᠦᠳᠬᠦ ᠴᠢᠨᠠᠷ ᠢᠶᠠᠷ ᠳᠤᠲᠠᠮᠠᠭ᠂ ᠬᠡᠪ ᠨᠠᠮᠪᠠ ᠨᠢ ᠳᠦᠷᠢᠮᠵᠢᠭᠰᠡᠨ ᠪᠤᠰᠤ ᠪᠠᠢᠭ᠎ᠠ ᠶᠢ ᠣᠳᠤᠬᠠᠨ ᠤ ᠤᠶᠤᠲᠠᠳ ᠤᠨ ᠲᠡᠭᠦᠰᠬᠦ ᠦᠭᠦᠯᠡᠯ ᠳᠦ ᠨᠡᠢᠳᠡᠮ ᠣᠷᠤᠰᠢᠵᠤ ᠪᠠᠢᠭ᠎ᠠ ᠡᠮᠵᠡᠭ ᠠᠰᠠᠭᠤᠳᠠᠯ ᠤᠳ ᠪᠤᠯᠤᠨ᠎ᠠ᠃ ᠰᠡᠳᠦᠪ ᠰᠤᠩᠭᠤᠬᠤ ᠠᠴᠠ ᠡᠬᠢᠯᠡᠨ᠂ ᠦᠭᠦᠯᠡᠯ ᠦᠨ ᠪᠦᠬᠦᠢᠯᠡ ᠵᠤᠬᠢᠶᠠᠨ ᠪᠦᠲᠦᠭᠡᠬᠦ ᠶᠠᠪᠤᠴᠠ ᠳᠤ ᠪᠠᠭᠰᠢ ᠨᠠᠷ ᠤᠨ ᠵᠢᠭᠠᠨ ᠵᠢᠯᠤᠭᠤᠳᠬᠤ ᠶᠢ ᠴᠢᠩᠭᠠᠳᠬᠠᠬᠤ ᠪᠤᠯ ᠤᠶᠤᠲᠠᠳ ᠤᠨ ᠲᠡᠭᠦᠰᠬᠦ ᠦᠭᠦᠯᠡᠯ ᠦᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠬᠦ ᠶᠢᠨ ᠵᠠᠩᠭᠢᠯᠠᠭ᠎ᠠ ᠪᠤᠯᠤᠨ᠎ᠠ᠃ ᠲᠤᠰ ᠦᠭᠦᠯᠡᠯ ᠨᠢ ᠡᠳᠡᠭᠡᠷ ᠠᠰᠠᠭᠤᠳᠠᠯ ᠳᠤ ᠵᠤᠷᠢᠭᠤᠯᠤᠨ᠂ ᠲᠡᠭᠦᠰᠬᠦ ᠦᠭᠦᠯᠡᠯ ᠦᠨ ᠴᠢᠨᠠᠷ ᠴᠢᠨᠰᠠᠭ᠎ᠠ ᠬᠡᠷᠬᠢᠨ ᠳᠡᠭᠡᠭᠰᠢᠯᠡᠭᠦᠯᠬᠦ ᠲᠤᠬᠠᠢ ᠰᠦᠪᠡᠭᠴᠢᠯᠡᠯ ᠬᠢᠭᠰᠡᠨ ᠶᠤᠮ᠃ |
原文 |
没有原文
|
出自 |
内蒙古师范大学学报(自然科学蒙古文版)
2011年
第2期
|