题名 |
ᠰᠤᠷᠢᠨᠵᠢᠨ ᠴᠢᠨᠠᠷ ᠲᠠᠢ TiO2Fe3O4/ ᠬᠠᠩᠭᠢᠨ 2# ᠰᠢᠷᠦᠢ ᠶᠢᠨ ᠭᠡᠷᠡᠯ ᠲᠦᠷᠭᠡᠳᠭᠡᠭᠦᠷ ᠢ ᠭᠠᠷᠭᠠᠨ ᠠᠪᠬᠤ ᠪᠠ ᠲᠡᠭᠦᠨ ᠦ ᠢᠳᠡᠪᠬᠢ ᠴᠢᠨᠠᠷ ᠢ ᠰᠤᠳᠤᠯᠬᠤ ᠨᠢ |
作者 |
ᠰᠠᠭᠠᠷᠠ; ᠡᠷᠬᠢᠮ; ᠲᠡᠷᠭᠡᠯ; ᠵᠤᠷᠢᠭᠲᠤ |
关键词 |
TiO2Fe3O4/ ᠬᠠᠩᠭᠢᠨ 2# ᠰᠢᠷᠦᠢ; ᠭᠡᠷᠡᠯ ᠲᠦᠷᠭᠡᠳᠭᠡᠭᠦᠷ; ᠰᠤᠷᠢᠨᠵᠢᠨ ᠴᠢᠨᠠᠷ; ᠬᠠᠩᠭᠢᠨ 2# ᠰᠢᠷᠦᠢ |
摘要 |
ᠲᠢᠲ᠋ᠠᠨ ᠬᠦᠴᠢᠯ ᠦᠨ ᠪᠦᠲ᠋ᠢᠯᠲᠦ ᠡᠰᠲ᠋ᠧᠷ ᠢᠶᠡᠷ ᠲᠦᠭᠦᠬᠡᠢ ᠮᠠᠲ᠋ᠧᠷᠢᠶᠠᠯ ᠪᠤᠯᠭᠠᠵᠤ᠂ ᠬᠠᠩᠭᠢᠨ 2# ᠰᠢᠷᠦᠢ ᠪᠠᠷ ᠠᠴᠢᠯᠠᠭᠴᠢ ᠪᠡᠶ᠎ᠡ ᠪᠤᠯᠭᠠᠭᠰᠠᠨ ᠪᠦᠭᠡᠳ ᠠᠭᠤᠰᠤᠮᠠᠬᠠᠢ ᠴᠠᠪᠠᠤ — ᠴᠠᠷᠴᠠᠮᠠᠯ ᠴᠠᠪᠠᠤ ᠶᠢᠨ ᠠᠷᠭ᠎ᠠ ᠪᠠᠷ TiO2Fe3O4/ ᠬᠠᠩᠭᠢᠨ 2# ᠰᠢᠷᠦᠢ ᠶᠢᠨ ᠭᠠᠳᠠᠭᠠᠳᠤ ᠳᠤ ᠪᠦᠷᠬᠦᠭᠦᠯᠵᠦ᠂ ᠰᠤᠷᠢᠨᠵᠢᠨ ᠴᠢᠨᠠᠷ ᠲᠠᠢ ᠭᠡᠷᠡᠯ ᠲᠦᠷᠭᠡᠳᠭᠡᠭᠦᠷ ᠢ ᠭᠠᠷᠭᠠᠨ ᠠᠪᠴᠠᠢ᠃ ᠡᠭᠦᠨ ᠢ ᠰᠢᠷᠪᠢᠯᠲᠡ ᠡᠯᠧᠺᠲ᠋ᠷᠤᠨ ᠮᠢᠺᠷᠤᠰᠺᠤᠫ (SEM)᠂ X ᠰᠠᠴᠤᠷᠠᠭ ᠤᠨ ᠲᠦᠭᠡᠯᠳᠡᠮᠧᠲ᠋ᠷ (XRD)᠂ ᠤᠯᠠᠭᠠᠨ ᠤ ᠭᠠᠳᠠᠨᠠᠬᠢ ᠭᠡᠷᠡᠯ ᠵᠢᠭᠰᠠᠯ (IR)᠂ ᠬᠤᠪᠢ ᠶᠢᠨ ᠭᠠᠳᠠᠷᠭᠤ ᠶᠢᠨ ᠲᠠᠯᠠᠪᠠᠢ ᠶᠢ ᠬᠡᠮᠵᠢᠬᠦ (BET)᠂ UV-Vis ᠭᠡᠷᠡᠯ ᠵᠢᠭᠰᠠᠯ᠂ ᠰᠤᠷᠢᠨᠵᠢᠨ ᠬᠤᠵᠢᠮᠳᠠᠯ ᠤᠨ ᠪᠤᠴᠠᠯᠲᠠ ᠱᠤᠭᠤᠮ (VSM) ᠵᠡᠷᠭᠡ ᠮᠡᠷᠭᠡᠵᠢᠯ ᠦᠨ ᠪᠠᠷᠢᠮᠵᠢᠶᠠᠯᠠᠯᠲᠠ ᠬᠢᠭᠰᠡᠨ ᠮᠦᠷᠲᠡᠭᠡᠨ ᠬᠤᠤᠰ ᠠᠽᠤᠲ᠋ᠲᠤ ᠪᠤᠳᠤᠭ ᠤᠨ ᠠᠭᠤᠰᠤᠮᠠᠯ ᠢᠶᠠᠷ ᠭᠡᠷᠡᠯ ᠵᠠᠳᠠᠷᠠᠭᠤᠯᠬᠤ ᠪᠤᠳᠠᠰ ᠪᠤᠯᠭᠠᠵᠤ ᠲᠦᠷᠭᠡᠳᠭᠡᠭᠦᠷ ᠦᠨ ᠭᠡᠷᠡᠯ ᠲᠦᠷᠭᠡᠳᠭᠡᠬᠦ ᠢᠳᠡᠪᠬᠢ ᠴᠢᠨᠠᠷ ᠢ ᠰᠤᠳᠤᠯᠪᠠ᠃ ᠲᠤᠷᠰᠢᠯᠲᠠ ᠶᠢᠨ ᠦᠷ᠎ᠡ ᠳ᠋ᠦᠩ ᠡᠴᠡ ᠠᠴᠢᠶᠠᠯᠠᠭᠴᠢ ᠪᠡᠶ᠎ᠡ ᠶᠢᠨ ᠭᠠᠳᠠᠷᠭᠤ ᠳᠤ Fe3O4 ᠪᠠ ᠬᠤᠷᠴᠠ ᠲᠢᠲ᠋ᠠᠨ ᠬᠦᠳᠡᠷ (TiO2) ᠠᠴᠢᠶᠠᠯᠠᠭᠰᠠᠨ ᠮᠦᠷᠲᠡᠭᠡᠨ ᠲᠦᠷᠭᠡᠳᠭᠡᠭᠦᠷ ᠦᠨ ᠬᠤᠪᠢ ᠶᠢᠨ ᠭᠠᠳᠠᠷᠭᠤ ᠲᠠᠯᠠᠪᠠᠢ ᠨᠢ ᠶᠡᠬᠡᠳᠴᠦ ᠰᠤᠷᠢᠨᠵᠢᠨ ᠴᠢᠨᠠᠷ ᠲᠠᠢ ᠪᠤᠯᠤᠭᠰᠠᠨ ᠢ ᠮᠡᠳᠡᠵᠡᠢ᠃ ᠭᠡᠷᠡᠯ ᠲᠦᠷᠭᠡᠳᠭᠡᠭᠦᠷ ᠦᠨ ᠢᠳᠡᠪᠬᠢ ᠴᠢᠨᠠᠷ ᠤᠨ ᠲᠤᠷᠰᠢᠯᠲᠠ ᠠᠴᠠ ᠮᠡᠳᠡᠭᠰᠡᠨ ᠨᠢ᠄ ᠭᠦᠷᠢᠨ ᠦ ᠭᠠᠳᠠᠨᠠᠬᠢ ᠭᠡᠷᠡᠯ ᠦᠨ ᠨᠦᠬᠦᠴᠡᠯ ᠳᠤᠤᠷ᠎ᠠ᠂ ᠭᠡᠷᠡᠯ ᠲᠦᠭᠡᠳᠭᠡᠭᠦᠷ ᠦᠨ ᠡᠬᠢᠨ ᠦ ᠦᠳᠭᠡᠴᠡ ᠨᠢ 15.0Omg · L-1 ᠪᠠ pH=3 ᠪᠤᠯᠬᠤ ᠬᠤᠤᠰ ᠠᠽᠤᠲ᠋ᠲᠤ ᠪᠤᠳᠤᠭ ᠤᠨ ᠠᠭᠤᠰᠤᠮᠠᠯ ᠢ (ᠦᠩᠭᠡ ᠦᠭᠡᠶᠢᠳᠡᠭᠦᠯᠬᠦ ᠨᠤᠷᠮ᠎ᠠ) ᠪᠤᠳᠤᠭ ᠤᠨᠠᠭᠠᠭᠰᠠᠨ ᠨᠤᠷᠮ᠎ᠠ ᠨᠢ 85% ᠬᠦᠷᠴᠡᠢ᠃ |
原文 |
没有原文
|
出自 |
内蒙古师范大学学报(自然科学蒙古文版)
2011年
第3期
|