论文信息


题名 ᠮᠤᠩᠭᠤᠯ ᠪᠤᡁᡁᠳᠠ ᠶᠢᠨ ᠱᠠᠰᠢᠨ ᠤ ᠪᠦᠷᠢᠯᠳᠤᠯ ᠵᠢᠴᠢ ᠮᠤᠩᠭᠤᠯ ᠨᠤᠮ ᠤᠩᠰᠢᠯᠭ᠎᠎ᠠ ᠵᠢ ᠬᠡᠷᠬᠢᠨ ᠤᠯᠠᠮᠵᠢᠯᠠᠨ ᠲᠡᠯᠭᠡᠷᠡᠭᠦᠯᠬᠦ ᠶᠢᠨ ᠤᠴᠢᠷ ᠲᠤ- ᠭᠸᠮᠫᠢ᠋ ᠶᠢᠨ ᠰᠦᠮ᠎ᠡ ᠳᠤ ᠮᠤᠩᠭᠤᠯ ᠨᠤᠮ ᠤᠩᠰᠢᠯᠭ᠎ᠠ ᠵᠢ ᠲᠡᠯᠭᠡᠷᠡᠭᠦᠯᠵᠦ ᠪᠠᠢᠭ᠎ᠠ ᠵᠢᠱᠢᠶᠠᠨ ᠲᠡᠭᠡᠷ᠎ᠡ
作者 ᠳ᠋ᠠ‍ • ᠪᠦᠬᠡᠪᠠᠭ᠋ᠠᠳᠤᠷ
关键词 ᠮᠤᠩᠭᠤᠯ ᠪᠤᡁᡁᠳᠠ ᠶᠢᠨ ᠱᠠᠰᠢᠨ; ᠪᠦᠷᠢᠯᠳᠤᠯ; ᠮᠤᠩᠭᠤᠯ ᠨᠤᠮ ᠤᠩᠰᠢᠯᠭ᠎᠎ᠠ
摘要 ᠲᠠᠯᠡᠭᠡᠢ ᠶᠢᠨ ᠭᠤᠷᠪᠠᠨ ᠲᠤᠮᠦ ᠱᠠᠰᠢᠨ ᠤ ᠨᠢᠭᠡᠨ ᠭᠡᠮᠡᠨ ᠠᠯᠳᠠᠷᠰᠢᠭᠰᠠᠨ ᠪᠤᡁᡁᠳᠠ ᠶᠢᠨ ᠱᠠᠰᠢᠨ ᠡᠷᠳᠡᠨ ᠤ ᠡᠨ᠋ᠡᠳᠭᠡ ᠲᠤ ᠡᠭᠦᠰᠦᠭᠡᠳ ᠲᠡᠯᠡᠬᠡᠢ ᠳ᠋ᠠᠬᠢᠨ᠎ᠠ ᠲᠡᠯᠭᠡᠷᠡᠬᠦ ᠶᠠᠪᠤᠴᠠ ᠳᠤ ᠪᠠᠯᠢ ᠬᠡᠯᠡᠨ ᠤ ᠰᠢᠰᠲ᠋ᠸᠮ᠂ ᠬᠢᠳᠡᠳ ᠬᠡᠯᠡᠨ ᠤ ᠰᠢᠰᠲ᠋ᠸᠮ᠂ ᠲᠦᠪᠡᠳ ᠬᠡᠯᠡᠨ ᠤ ᠰᠢᠰᠲ᠋ᠸᠮ ᠬᠡᠬᠦᠴᠢᠯᠡᠨ ᠪᠦᠷᠢᠯᠳᠤᠭᠰᠡᠨ ᠢ ᠡᠷᠳᠡᠮᠳᠡᠳ ᠪᠦᠷ ᠮᠡᠳᠡᠷᠡᠳᠡᠭ ᠪᠤᠯᠪᠠᠴᠦ ᠮᠤᠩᠭᠤᠯ ᠬᠡᠯᠡ ᠪᠡᠷ ᠲᠡᠯᠭᠡᠷᠡᠭᠰᠡᠨ ᠪᠤᡁᡁᠳᠠ ᠶᠢᠨ ᠱᠠᠰᠢᠨ ᠢ ᠦᠯᠦ ᠮᠡᠳᠡᠷᠡᠬᠦ ᠮᠦᠷᠳᠡᠭᠡᠨ ᠲᠡᠬᠦᠨ ᠢ ᠶᠠᠷᠦ ᠳ᠋ᠡᠭᠡᠨ ᠲᠦᠪᠡᠳ ᠬᠡᠯᠡᠨ ᠤ ᠰᠢᠰᠲ᠋ᠸᠮ ᠲᠤ ᠪᠠᠭᠳᠠᠭ᠋ᠠᠨ ᠤᠷᠤᠭ᠋ᠤᠯᠳᠠᠭ᠃ ᠡᠨ᠋ᠡ ᠪᠤᠯ ᠪᠤᠳᠠᠳᠤ ᠪᠠᠢᠳᠠᠯ ᠯᠤᠭ᠎ᠠ ᠦᠯᠤ ᠨᠠᠢᠴᠡᠨ᠎ᠠ᠃ᠦᠬᠦᠯᠡᠯ ᠳᠤ᠂ ᠮᠤᠩᠭᠤᠯ ᠤᠷᠤᠨ ᠳᠤ ᠲᠡᠯᠭᠡᠷᠡᠭᠰᠡᠨ ᠪᠤᡁᡁᠳᠠ ᠶᠢᠨ ᠱᠠᠰᠢᠨ ᠵᠢᠴᠢ ᠲᠡᠬᠦᠨ ᠤ ᠦᠪᠡᠷ ᠤᠨ ᠤᠨᠴᠠᠯᠢᠭ ᠲᠠᠢ ᠪᠤᠯᠤᠨ ᠪᠦᠷᠢᠯᠳᠤᠭᠰᠡᠨ ᠲᠡᠤᠭᠡᠨ ᠶᠠᠪᠤᠴᠠ ᠵᠢ ᠲᠦᠭᠦᠮ ᠨᠢᠭᠳᠠᠯᠠᠵᠦ᠂ ᠮᠤᠩᠭᠤᠯ ᠨᠤᠮ ᠤᠩᠰᠢᠯᠭ᠎ᠠ ᠶᠢᠨ ᠪᠤᠢ ᠪᠤᠯᠤᠭᠰᠠᠨ ᠪᠠ ᠲᠡᠬᠦᠨ ᠢ ᠮᠤᠩᠭᠤᠯ ᠰᠦᠮ᠎ᠡ ᠬᠡᠢ᠋ᠳ ᠲᠤ ᠬᠡᠷᠬᠢᠨ ᠤᠯᠠᠮᠵᠢᠯᠠᠨ ᠲᠡᠯᠭᠡᠷᠡᠭᠦᠯᠬᠦ ᠶᠢᠨ ᠠᠴᠢ ᠬᠤᠯᠪᠤᠭᠳᠠᠯ ᠤᠨ ᠲᠤᠬᠠᠢ ᠬᠤᠪᠢ ᠶᠢᠨ ᠦᠵᠡᠯᠳᠠ ᠪᠠᠨ ᠲᠤᠷᠠᠳᠪᠠ᠃
原文 查看原文
出自 中国蒙古学 2014年 第3期

联系我们


内蒙古大学图书馆
呼和浩特市大学西路235号
中国·内蒙古
P: (0471) 4992561
E: huangfeilong@imu.edu.cn