摘要 |
ᠲᠤᠰ ᠦᠭᠦᠯᠡᠯ ᠳᠦ ᠂ 《ᠨᠢᠭᠤᠴᠠ ᠲᠤᠪᠴᠢᠶᠠᠨ》᠋ ᠠᠴᠠ ᠰᠡᠭᠦᠯ ᠦᠨ ᠲᠡᠦᠬᠡᠨ ᠪᠢᠴᠢᠭ᠌ ᠲᠦ ᠵᠦᠴᠢ ᠶᠢᠨ ᠨᠡᠷ᠎ᠡ ᠶᠢ ᠵᠦᠴᠢ᠂ ᠵᠦᠴᠢ ᠭᠡᠵᠦ ᠬᠤᠶᠠᠷ ᠵᠤᠢ᠌ᠯ ᠢᠶᠠᠷ ᠪᠢᠴᠢᠭᠡᠳ ᠢᠷᠡᠵᠡᠢ᠃ ᠵᠦᠴᠢ ᠪᠤᠯ 《ᠮᠡᠷᠭᠢᠳᠡᠢ ᠣᠯᠵᠠᠭᠤᠷ》ᠪᠢᠰᠢ᠃ ᠡᠭᠦᠨ ᠦ ᠪᠠᠷᠢᠮᠲᠠ ᠨᠢ᠄ 1. ᠲᠡᠮᠦᠵᠢᠨ ᠠᠷᠪᠠᠨ ᠳᠤᠯᠤᠭᠠᠨ ᠨᠠᠰᠤᠨ (1178 ᠣᠨ)᠋ ᠳᠠᠭᠠᠨ ᠭᠡᠷᠯᠡᠵᠦ 1179 ᠣᠨ ᠤ ᠪᠢᠯᠢᠭ᠌ ᠦᠨ ᠤᠯᠠᠷᠢ ᠤᠨ 5 ᠰᠠᠷ᠎ᠠ ᠳᠤ ᠪᠦᠷᠳᠡ ᠦᠵᠢᠨ ᠮᠡᠷᠭᠢᠳ ᠲᠦ ᠪᠠᠷᠢᠭᠳᠠᠵᠠᠢ᠃ ᠡᠭᠦᠪᠡᠷ ᠦᠵᠡᠪᠡᠯ᠂ ᠮᠡᠷᠬᠢᠳ ᠲᠦ ᠪᠠᠷᠢᠭᠳᠠᠬᠤ ᠠᠴᠠ ᠡᠮᠦᠨ᠎ᠡ ᠵᠢᠷᠮᠦᠰᠦᠨ ᠪᠤᠯᠤᠭᠠᠳ ᠬᠡᠳᠦᠨ ᠰᠠᠷ᠎ᠠ ᠪᠤᠯᠵᠠᠢ ᠭᠡᠵᠦ ᠬᠤᠩ ᠵᠢᠶᠦ᠋ᠨ᠂ ᠲᠦ᠋ ᠵᠢᠢ ᠬᠤᠶᠠᠷ ᠲᠡᠦᠬᠡᠴᠢᠨ ᠦ ᠲᠡᠮᠳᠡᠭᠯᠡᠭᠰᠡᠨ ᠨᠢ ᠵᠤᠷ ᠲᠡᠢ ᠶᠤᠮ᠃ 2. ᠷᠠᠰᠢᠳ᠋᠂ ᠳ᠋ᠤᠰᠰᠤᠨ ᠬᠤᠶᠠᠷ ᠤᠨ ᠲᠡᠦᠬᠡᠨ ᠳᠦ ᠪᠦᠷᠳᠡ ᠦᠵᠢᠨ ᠮᠡᠷᠭᠢᠳ ᠲᠦ ᠪᠠᠷᠢᠭᠳᠠᠬᠤ ᠦᠶ᠎ᠡ ᠳᠦ ᠵᠢᠷᠮᠦᠰᠦᠨ ᠪᠠᠢ᠌ᠵᠤ᠂ ᠪᠤᠴᠠᠭᠠᠵᠤ ᠠᠪᠴᠢᠷᠠᠬᠤ ᠵᠠᠮ ᠵᠠᠭᠤᠷ᠎ᠠ ᠵᠦᠴᠢ ᠶᠢ ᠲᠦᠷᠦᠪᠡ ᠭᠡᠵᠡᠢ᠃ ᠪᠦᠷᠳᠡ ᠦᠵᠢᠨ ᠬᠤᠨᠢ ᠬᠢᠷᠭᠠᠬᠤ ᠦᠶ᠎ᠡ (ᠪᠢᠯᠢᠭ᠌ ᠦᠨ 5 ᠰᠠᠷ᠎ᠠ)᠋ ᠳᠤ ᠮᠡᠷᠭᠢᠳ ᠲᠦ ᠪᠠᠷᠢᠭᠳᠠᠭᠠᠳ ᠨᠠᠮᠤᠷ ᠡᠪᠦᠯ ᠦᠨ ᠬᠤᠭᠤᠷᠤᠨᠳᠤ (ᠰᠠᠢ᠌ᠰᠢᠶᠠᠯ ᠤᠨ ᠲᠡᠦᠬᠡ) ᠪᠤᠴᠠᠵᠤ ᠢᠷᠡᠬᠦ ᠪᠤᠯᠲᠠᠯ᠎ᠠ ᠨᠡᠢ᠌ᠲᠡ ᠲᠠᠪᠤᠨ ᠰᠠᠷ᠎ᠠ ᠠᠴᠠ ᠬᠡᠲᠦᠷᠡᠬᠦ ᠦᠭᠡᠢ᠃ ᠡᠭᠦᠨ ᠡᠴᠡ ᠦᠵᠡᠪᠡᠯ ᠪᠦᠷᠳᠡ ᠦᠵᠢᠨ ᠮᠡᠷᠭᠢᠳ ᠲᠦ ᠪᠠᠷᠢᠭᠳᠠᠬᠤ ᠠᠴᠠ ᠲᠠᠪᠤᠨ ᠰᠠᠷ᠎ᠠ ᠶᠢᠨ ᠡᠮᠦᠨ᠎ᠡ ᠵᠦᠴᠢ ᠶᠢ ᠵᠢᠷᠮᠦᠰᠦᠨ ᠪᠤᠯᠵᠠᠢ᠃ 3. ᠪᠦᠷᠳᠡ ᠦᠵᠢᠨ ᠪᠡᠶ᠎ᠡ ᠬᠦᠨᠳᠦ ᠪᠠᠢ᠌ᠭᠰᠠᠨ ᠤᠴᠢᠷ ᠠᠴᠠ ᠮᠡᠷᠭᠢᠳ ᠡᠴᠡ ᠳᠤᠳᠠᠭᠠᠬᠤ ᠦᠶᠡᠳᠦ ᠲᠡᠭᠦᠨ ᠳᠦ ᠮᠤᠷᠢ ᠣᠨᠣᠭᠤᠯᠤᠭᠰᠠᠨ ᠦᠭᠡᠢ᠂ ᠲᠡᠷᠭᠡᠨ ᠳᠦ ᠰᠠᠭᠤᠯᠭᠠᠵᠤ ᠳᠤᠲᠠᠭᠠᠯᠭᠠᠵᠠᠢ᠃ 4. ᠵᠦᠴᠢ ᠶᠢ ᠵᠤᠴᠢᠨ ᠬᠦᠪᠡᠭᠦᠨ ᠭᠡᠵᠦ ᠦᠵᠡᠬᠦ ᠳᠦ ᠬᠦᠷᠪᠡᠯ᠂ ᠬᠤᠳᠤᠯᠠ ᠬᠠᠭᠠᠨ ᠤ ᠶᠡᠬᠡ ᠬᠦᠪᠡᠭᠦᠨ ᠵᠦᠴᠢ ᠪᠡ ᠵᠦᠴᠢ ᠬᠠᠰᠠᠷ᠂ ᠵᠦᠴᠢ ᠳᠠᠷᠮᠠᠯᠠ ᠨᠠᠷ ᠢ ᠪᠦᠷ ᠵᠤᠴᠢᠨ ᠬᠦᠪᠡᠭᠦᠨ ᠭᠡᠵᠦ ᠦᠵᠡᠬᠦ ᠳᠦ ᠬᠦᠷᠦᠨ᠎ᠡ᠃ ᠭᠡᠲᠡᠯ᠎ᠡ ᠲᠡᠭᠡᠵᠦ ᠦᠵᠡᠬᠦ ᠪᠠᠷᠢᠮᠲᠠ ᠪᠠᠢ᠌ᠬᠤ ᠦᠭᠡᠢ᠃ ᠵᠤᠴᠢ ᠪᠢᠰᠢ ᠵᠦᠴᠢ ᠭᠡᠬᠦ ᠨᠢ ᠵᠤᠢ᠌ᠲᠠᠢ᠃ |