题名 |
ᠮᠣᠩᠭ᠋ᠤᠯ ᠶᠠᠷᠢᠶᠠᠨ ᠤ ᠬᠡᠯᠡᠨ ᠤ ᠣᠳᠣᠬᠢ ᠪᠠᠢᠢᠳᠠᠯ ᠨᠤ ᠰᠢᠨᠵᠢᠯᠡᠯ—《ᠭᠡᠷᠡᠰᠦᠲᠡᠢ ᠶᠢᠨ ᠲᠣᠮᠤᠭ ᠲᠤ ᠰᠠᠭᠤᠷᠢᠯᠠᠬᠤ ᠨᠢ(ᠬᠣᠶᠠᠷ) |
作者 |
ᠽᠠᠨᠳᠠᠨ |
关键词 |
ᠮᠣᠩᠭ᠋ᠤᠯ ᠶᠠᠷᠢᠶᠠᠨ ᠤ ᠬᠡᠯᠡ; ᠭᠡᠢᠢᠭᠦᠯᠦᠭᠴᠢ ᠠᠪᠢᠶ ᠠ; ᠣᠳᠣᠬᠢ ᠪᠠᠢᠢᠳᠠᠯ |
摘要 |
ᠬᠡᠢᠢᠭᠦᠯᠦᠭᠴᠢ ᠠᠪᠢᠶ ᠠ ᠪᠣᠯ ᠶᠠᠮᠠᠷ ᠨᠢᠭᠡᠨ ᠬᠡᠯᠡ ᠠᠶᠠᠯᠭᠤᠨ ᠤ ᠲᠣᠭᠲᠠᠯᠴᠠᠭᠠᠨ ᠤ ᠴᠢᠬᠤᠯᠠ ᠠᠭᠤᠯᠭ᠋ ᠠ ᠪᠣᠯᠬᠤᠷ ᠲᠡᠷᠨ ᠨᠢ ᠬᠡᠯᠡ ᠠᠶᠠᠯᠭᠤᠨ ᠤ ᠣᠨᠴᠠᠯᠢᠭ ᠢ ᠵᠣᠬᠢᠬᠤ ᠬᠡᠯᠵᠢᠶ ᠠ ᠪᠡᠷ ᠲᠤᠰᠬᠠᠵᠤ ᠪᠠᠢᠢᠳᠠᠭ᠃ ᠣᠳᠣᠬᠢ ᠮᠣᠩᠭ᠋ᠤᠯ ᠶᠠᠷᠢᠶᠠᠨ ᠤ ᠬᠡᠯᠡᠨ ᠳᠤ ᠪᠢᠴᠢᠭ᠌ ᠤᠨ ᠬᠡᠯᠡ ᠲᠠᠢ ᠵᠦᠷᠢᠶ ᠠ ᠲᠠᠢ ᠵᠦᠢᠯ ᠣᠯᠠᠨ ᠬᠠᠷᠠᠭᠳᠠᠵᠤ ᠪᠣᠢ᠃ ᠡᠨᠳᠠ ᠭᠣᠣᠯᠳᠠᠭᠤ《ᠭᠡᠷᠡᠰᠦᠲᠡᠢ ᠶᠢᠨ ᠲᠣᠮᠤᠭ》 ᠤᠨ ᠶᠠᠷᠢᠶᠠᠨ ᠤ ᠮᠠᠲ᠋ᠸᠷᠢᠶᠠᠯ ᠳᠤ ᠢᠯᠡᠷᠡᠭᠰᠡᠨ ᠲᠠᠭᠤᠳᠠᠯᠭ᠋ ᠠ ᠶᠢᠨ ᠲᠠᠯ ᠠ ᠪᠡᠷ ᠪᠢᠴᠢᠭ᠌ ᠤᠨ ᠬᠡᠯᠡ ᠲᠠᠢ ᠵᠦᠷᠢᠶ ᠠ ᠲᠠᠢ ᠪᠠᠢᠢᠭ᠋ ᠠ ᠬᠡᠢᠢᠭᠦᠯᠦᠭᠴᠢ ᠠᠪᠢᠶ ᠠ ᠨᠤᠭᠤᠳ ᠢ ᠪᠦᠷᠢᠳᠭᠡᠨ ᠵᠠᠳᠠᠯᠵᠤ᠂ ᠪᠣᠳᠠᠳᠤ ᠵᠢᠱᠢᠶ ᠠᠪᠠ ᠠᠪᠢᠶᠠᠨ ᠤ ᠵᠢᠷᠤᠭ ᠤᠨ ᠬᠠᠮᠲᠤ ᠦᠵᠡᠭᠦᠯᠵᠦ᠂ ᠣᠳᠦᠬᠢ ᠮᠣᠩᠭ᠋ᠤᠯ ᠶᠠᠷᠢᠶᠠᠨ ᠤ ᠬᠡᠯᠡᠨ ᠤ ᠪᠠᠢᠢᠳᠠᠯ ᠢ ᠣᠢᠢᠯᠠᠭᠠᠬᠤ᠂ᠮᠣᠩᠭ᠋ᠤᠯ ᠬᠡᠯᠡᠨ ᠤ ᠵᠢᠭᠠᠨ ᠰᠤᠷᠭᠠᠯᠲᠠ ᠵᠢᠴᠢ ᠮᠣᠩᠭ᠋ᠤᠯ ᠬᠡᠯᠡᠨ ᠤ ᠨᠤᠲᠤᠭ ᠤᠨ ᠠᠶᠠᠯᠭᠤᠨ ᠤ ᠰᠣᠳᠤᠯᠭᠠᠨ᠂ ᠮᠣᠩᠭ᠋ᠤᠯ ᠶᠠᠷᠢᠶᠠᠨ ᠤ ᠬᠡᠯᠡᠨ ᠤ ᠰᠣᠳᠤᠯᠭᠠᠨ ᠭᠡᠬᠦ ᠮᠡᠲᠦ ᠶᠢᠨ ᠰᠠᠭᠤᠷᠢ ᠰᠣᠳᠤᠯᠭᠠᠨ ᠪᠠ ᠠᠪᠢᠶ ᠠ ᠨᠡᠢᠢᠯᠡᠭᠦᠯᠬᠦ᠂ ᠠᠪᠢᠶ ᠠ ᠲᠠᠨᠢᠭᠤᠯᠬᠤ᠂ ᠶᠠᠷᠢᠶᠠᠨ ᠤ ᠬᠡᠯᠡᠨ ᠤ ᠰᠤᠷᠠᠭ ᠵᠠᠩᠬᠢ ᠰᠢᠢᠳᠪᠦᠷᠢᠯᠡᠯᠲᠡ ᠭᠡᠬᠦ ᠮᠡᠲᠦ ᠶᠢᠨ ᠬᠡᠷᠡᠭᠯᠡᠭᠡᠨ ᠤ ᠰᠣᠳᠤᠯᠭᠠᠨ ᠳᠤ ᠠᠪᠴᠦ ᠬᠡᠯᠡᠪᠡᠯ ᠮᠠᠰᠢ ᠴᠢᠬᠤᠯᠠ ᠠᠬᠤᠢᠴᠢ ᠠᠴᠢ ᠬᠣᠯᠪᠤᠭᠳᠠᠯ ᠲᠠᠢ ᠶᠣᠮ᠃ |
原文 |
查看原文
|
出自 |
中国蒙古学
2012年
第3期
|