题名 |
《ᠵᠤᠬᠢᠰᠳᠤ ᠠᠶᠠᠯᠭᠤ ᠶᠢᠨ ᠲᠤᠯᠢ》ᠵᠢᠴᠢ ᠮᠤᠩᠭ᠋ᠤᠯ ᠲᠠᠢ᠌ᠢᠯᠪᠤᠷᠢ ᠨᠤᠭᠤᠳ ᠤᠨ ᠲᠤᠬᠠᠢ ᠰᠤᠳᠤᠯᠭᠠᠨ ᠤ ᠲᠤᠢ᠌ᠮᠤ |
作者 |
ᠸᠠᠩ ᠮᠠᠨᠳᠤᠭ᠎ᠠ |
关键词 |
《ᠵᠤᠬᠢᠰᠳᠤ ᠠᠶᠯᠭᠤ ᠶᠢᠨ ᠲᠤᠯᠢ》; ᠮᠤᠩᠭ᠋ᠤᠯ ᠲᠠᠢ᠌ᠯᠪᠤᠷᠢ; ᠰᠤᠳᠤᠯᠭᠠᠨ |
摘要 |
ᠲᠤᠰ ᠦᠭᠦᠯᠡᠯ ᠳᠤ ᠲᠠᠨᠳᠢᠨ ᠤ《ᠵᠤᠬᠢᠰᠳᠤ ᠠᠶᠠᠯᠭᠤ ᠶᠢᠨ ᠲᠤᠯᠢ》ᠵᠢᠴᠢ ᠲᠡᠭᠦᠨ ᠤ ᠲᠠᠢ᠌ᠯᠪᠤᠷᠢ ᠨᠤᠭᠤᠳ ᠤᠨ ᠲᠤᠬᠠᠢ ᠮᠤᠩᠭ᠋ᠤᠯᠴᠤᠳ ᠤᠨ ᠬᠢᠭ᠍ᠰᠡᠨ ᠰᠤᠳᠤᠯᠭᠠᠨ ᠤ ᠪᠠᠢ᠌ᠳᠠᠯ ᠢ ᠨᠡᠯᠢᠶᠡᠳ ᠨᠠᠷᠢᠨ ᠪᠠᠢ᠌ᠴᠠᠭᠠᠨ ᠰᠤᠳᠤᠯᠵᠤ᠂ ᠨᠢᠮᠪᠠᠢ ᠪᠦᠷᠢᠳᠭᠡᠵᠦ ᠳ᠋ᠦᠩᠨᠡᠵᠡᠢ᠃ ᠦᠭᠦᠯᠡᠯ ᠨᠢ 20 ᠳ᠋ᠤᠭᠠᠷ ᠵᠠᠭᠤᠨ ᠡᠴᠡ ᠡᠮᠦᠨᠡᠬᠢ ᠦᠶ᠎ᠡ ᠶᠢᠨ ᠰᠤᠳᠤᠯᠭᠠᠨ ᠤ ᠶᠡᠷᠦᠩᠬᠡᠢ ᠪᠠᠢ᠌ᠳᠠᠯ᠂ 20 ᠳ᠋ᠤᠭᠠᠷ ᠵᠠᠭᠤᠨ ᠤ ᠮᠤᠩ᠋ᠭᠤᠯ ᠤᠯᠤᠰ ᠲᠡᠬᠢ ᠰᠤᠳᠤᠯᠭᠠᠨ ᠤ ᠪᠠᠢ᠌ᠳᠠᠯ᠂ 20 ᠳ᠋ᠤᠭᠠᠷ ᠵᠠᠭᠤᠨ ᠤ ᠲᠤᠮᠳᠠᠳᠤ ᠤᠯᠤᠰ ᠲᠡᠬᠢ ᠰᠤᠳᠤᠯᠭᠠᠨ ᠤ ᠠᠪᠢ᠌ᠳᠠᠯ ᠭᠡᠬᠦ ᠭᠤᠷᠪᠠᠨ ᠬᠡᠰᠡᠭ ᠬᠤᠪᠢᠶᠠᠵᠤ᠂ ᠮᠤᠩᠭ᠋ᠤᠯᠴᠤᠳ ᠡᠴᠡ《ᠵᠤᠬᠢᠰᠳᠤ ᠠᠶᠠᠯᠭᠤ ᠶᠢᠨ ᠲᠤᠯᠢ》 ᠶᠢ ᠤᠩᠰᠢᠵᠤ ᠲᠠᠨᠢᠯᠴᠠᠵᠤ᠂ ᠲᠠᠢ᠌ᠯᠪᠤᠷᠢ ᠪᠢᠴᠢᠵᠦ᠂ ᠵᠢᠱᠢᠶ᠎ᠡ ᠵᠤᠬᠢᠶᠠᠵᠤ᠂ ᠤᠷᠴᠢᠭᠤᠯᠵᠤ ᠪᠠᠷᠯᠠᠵᠤ᠂ ᠬᠠᠷᠭᠤᠭᠤᠯᠵᠤ ᠬᠡᠪᠯᠡᠵᠦ᠂ ᠡᠷᠳᠡᠮ ᠰᠢᠨᠵᠢᠯᠡᠭᠡᠨ ᠤ ᠨᠤᠮ ᠦᠭᠦᠯᠡᠯ ᠪᠦᠳᠦᠭᠡᠨ ᠲᠤᠭᠤᠷᠪᠢᠭᠰᠠᠨ ᠪᠦᠬᠦᠢ᠌ᠯᠡ ᠰᠢᠨᠵᠢᠯᠡᠭᠡ ᠰᠤᠳᠤᠯᠭᠠᠨ ᠤ ᠪᠠᠢ᠌ᠳᠠᠯ ᠢ ᠲᠤᠢ᠌ᠮᠤᠴᠢᠯᠠᠨ ᠭᠠᠷᠭᠠᠭᠰᠠᠨ ᠪᠠᠢ᠌ᠨ᠎ᠠ᠃ ᠡᠭᠦᠨ ᠳᠤ ᠭᠤᠤᠯ ᠪᠤᠯᠬᠤ ᠪᠠᠷ ᠬᠡᠪᠯᠡᠯ᠂ ᠲᠦᠯᠦᠭᠡᠯᠡᠬᠦ ᠴᠢᠨᠠᠷ ᠪᠦᠬᠦᠢ ᠰᠤᠳᠤᠯᠭᠠᠨ ᠤ ᠨᠤᠮ ᠵᠤᠬᠢᠶᠠᠯ ᠤᠨ ᠠᠴᠢ ᠬᠤᠯᠪᠤᠭᠳᠠᠯ᠂ ᠦᠨ᠎ᠡ ᠴᠡᠨ᠎ᠡ᠂ ᠰᠢᠨᠡᠯᠢᠭ ᠲᠠᠯ᠎ᠠ᠂ ᠰᠢᠨ᠎ᠡ ᠦᠵᠡᠯᠳᠡ᠂ ᠬᠤᠪᠢ ᠨᠡᠮᠡᠷᠢ ᠵᠡᠷᠭᠡ ᠶᠢ ᠨᠢᠭᠡᠪᠦᠷᠢᠴᠢᠯᠡᠨ ᠲᠠᠨᠢᠯᠴᠠᠭᠯᠤᠵᠤ ᠦᠨᠡᠯᠡᠭᠰᠡᠨ ᠶᠠᠪᠤᠳᠠᠯ ᠨᠢ ᠡᠷᠳᠡᠮᠳᠡᠳ ᠰᠤᠳᠤᠯᠤᠭᠴᠢᠳ ᠤᠨ ᠪᠢᠯᠢᠭ ᠤᠨ ᠬᠠᠷᠠᠭᠠᠨ ᠳᠤ ᠦᠷᠳᠦᠭᠳᠡᠬᠦ ᠪᠤᠯᠤᠨ᠎ᠠ᠃ |
原文 |
查看原文
|
出自 |
赤峰学院学报(蒙文哲学社会科学版)
2017年
第2期
|