题名 |
《ᠮᠣᠩᠭ᠋ᠤᠯ ᠤᠨ ᠨᠢᠭᠤᠴᠠ ᠲᠤᠪᠴᠢᠶᠠᠨ》 ᠤ ᠠᠳᠠᠯᠢ ᠪᠣᠰᠤ ᠪᠠᠷ ᠬᠡᠪᠯᠡᠯ ᠤᠨ ᠬᠠᠷᠢᠴᠠᠭᠤᠯᠤᠯ ᠢᠢᠡᠷ ᠮᠡᠳᠡᠭᠰᠡᠨ ᠨᠢᠭᠡᠨ ᠵᠦᠷᠢᠶ ᠡ ᠪᠠ ᠲᠡᠭᠦᠨ ᠤ ᠤᠴᠢᠷ |
作者 |
ᠤᠷᠢᠶᠠᠩᠬᠠᠳᠠᠢ ᠬᠦᠷᠡᠯᠪᠠᠭᠠᠲᠤᠷ |
关键词 |
《ᠮᠣᠩᠭ᠋ᠤᠯ ᠤᠨ ᠨᠢᠭᠤᠴᠠ ᠲᠤᠪᠴᠢᠶᠠᠨ》;214ᠳ᠋ᠤᠭᠡᠷ ᠵᠦᠢᠯ ᠪᠠ 215 ᠳ᠋ᠤᠭᠠᠷ ᠵᠦᠢᠯ;ᠠᠭᠤᠯᠬ᠋ ᠠ ᠶᠢᠨ ᠲᠠᠪᠲᠠᠯᠲᠠ |
摘要 |
ᠲᠤᠰ ᠦᠭᠦᠯᠡᠯ ᠳᠤ 《ᠮᠣᠩᠭ᠋ᠤᠯ ᠤᠨ ᠨᠢᠭᠤᠴᠠ ᠲᠤᠪᠴᠢᠶᠠᠨ》 ᠤ ᠭᠤᠷᠪᠠᠨ ᠠᠳᠠᠯᠢ ᠪᠣᠰᠤ ᠬᠡᠪᠯᠡᠯ ᠢ ᠬᠠᠷᠢᠴᠠᠭᠤᠯᠤᠨ᠂ ᠲᠡᠳᠡᠨ ᠤ ᠬᠤᠭᠤᠷᠤᠨᠳᠤ ᠨᠢᠭᠡᠨ ᠵᠦᠷᠢᠶ ᠡ ᠲᠠᠢ ᠭᠠᠵᠠᠷ ᠣᠷᠤᠰᠢᠵᠤ ᠪᠠᠢᠢᠬᠤ ᠵᠢ ᠲᠤᠷᠠᠳᠴᠤ᠂ ᠲᠡᠷᠡ ᠬᠦ ᠵᠦᠷᠢᠶ ᠡ ᠨᠢ ᠶᠠᠭᠠᠬᠢᠵᠤ ᠪᠦᠷᠢᠯᠳᠡᠭᠰᠡᠨ ᠲᠣᠬᠠᠢ ᠵᠣᠬᠢᠶᠠᠭᠴᠢ ᠶᠢᠨ ᠦᠵᠡᠯᠲᠠ ᠪᠠᠨ ᠶᠠᠷᠢᠪᠠ᠃《ᠰᠸ ᠪᠦ᠋ ᠼᠦᠩ ᠺᠠᠨ(四部丛刊)》ᠪᠠ《ᠶᠸ ᠳ᠋ᠸ ᠬᠦᠢ)叶德辉》 ᠪᠠᠷ ᠬᠡᠪᠯᠡᠯ ᠤᠨ 214ᠳ᠋ᠤᠭᠡᠷ ᠵᠦᠢᠯ ᠪᠠ 215 ᠳ᠋ᠤᠭᠠᠷ ᠵᠦᠢᠯ ᠳ᠋ᠤ ᠠᠳᠠᠯᠢᠬᠠᠨ ᠨᠢᠭᠡᠨ ᠠᠭᠤᠯᠭ᠋ ᠠ ᠬᠣᠶᠠᠷ ᠤᠳᠠᠭ᠋ ᠠ ᠲᠤᠪᠲᠠᠭᠳᠠᠵᠤ ᠭᠠᠷᠳᠠᠭ ᠪᠣᠯᠪᠠᠴᠤ ᠠᠷᠪᠠᠨ ᠲᠠᠪᠤᠨ ᠪᠦᠯᠦᠭᠲᠦ 《ᠮᠣᠩᠭ᠋ᠤᠯ ᠤᠨ ᠨᠢᠭᠤᠴᠠ ᠲᠤᠪᠴᠢᠶᠠᠨ》 ᠤ ᠬᠡᠪᠯᠡᠯ ᠳᠤ ᠡᠨᠡ ᠦᠭᠦᠯᠡᠪᠦᠷᠢ215 ᠳ᠋ᠤᠭᠠᠷ ᠵᠦᠢᠯ ᠳ᠋ᠤ ᠨᠢᠭᠡ ᠯᠡ ᠤᠳᠠᠭ᠋ ᠠ ᠲᠡᠣᠬᠢᠶᠠᠯᠳᠤᠬᠤ ᠪᠦᠭᠡᠳ ᠲᠡᠷᠡᠨ ᠨᠢ ᠲᠤᠰ ᠪᠠᠡ ᠠ ᠪᠠᠨ ᠲᠠᠭᠠᠭᠠᠵᠤ᠂ ᠨᠢᠭᠡᠨ ᠵᠦᠢᠯ ᠪᠣᠯᠵᠤ ᠭᠠᠷᠳᠠᠭ ᠪᠠᠢᠢᠨ᠌ ᠠ᠃ ᠯᠤᠪᠰᠠᠨᠳᠠᠨᠵᠢᠨ ᠤ 《ᠠᠯᠳᠠᠨ ᠲᠤᠪᠴᠢ》 ᠳᠤ ᠲᠡᠭᠡᠷᠡᠬᠢ ᠠᠭᠤᠯᠭ᠋ ᠠ ᠮᠦᠨ ᠨᠢᠭᠡ ᠯᠡ ᠤᠳᠠᠭ᠋ ᠠ ᠲᠣᠬᠢᠶᠠᠯᠳᠤᠨ᠌ ᠠ᠃ ᠮᠢᠨᠦ ᠦᠵᠡᠬᠦ ᠪᠡᠷ᠂ 《ᠮᠣᠩᠭ᠋ᠤᠯ ᠤᠨ ᠨᠢᠭᠤᠴᠠ ᠲᠤᠪᠴᠢᠶᠠᠨ》 ᠤ ᠤᠤᠭᠠᠨ ᠡᠭᠡ ᠳ᠋ᠤ ᠡᠨᠡ ᠦᠭᠦᠯᠡᠪᠡᠢ ᠨᠢᠡ ᠯᠡ ᠤᠳᠠᠭ᠋ ᠠ ᠭᠠᠷᠬᠤ ᠶᠣᠰᠤᠲᠠᠢ ᠪᠠᠢᠢᠲᠠᠯ ᠠ ᠬᠢᠳᠡᠳ ᠦᠰᠦᠭ ᠢᠢᠡᠷ ᠠᠪᠢᠶᠠᠴᠢᠯᠠᠨ ᠪᠢᠴᠢᠭᠰᠡᠨ ᠵᠠᠷᠢᠮ ᠪᠡᠷ ᠬᠡᠪᠯᠡᠯ ᠳᠤ ᠲᠡᠬᠦᠨ ᠢ ᠬᠣᠶᠠᠷᠲᠠ ᠲᠠᠪᠲᠠᠬᠤ ᠪᠣᠯᠤᠭᠰᠠᠨ ᠨᠢ ᠮᠢᠩ ᠤᠯᠤᠰ ᠤᠨ ᠦᠢᠶ ᠡ ᠶᠢᠨ ᠬᠢᠲᠠᠳᠴᠢᠯᠠᠭ᠋ ᠠ ᠵᠢᠴᠢ ᠪᠣᠳᠢ᠂ᠵᠦᠢᠯ ᠬᠣᠪᠢᠶᠠᠬᠤ ᠠᠵᠢᠯ ᠤᠨ ᠲᠤᠮᠳᠠ ᠭᠠᠷᠤᠭᠰᠠᠨ ᠰᠠᠨᠠᠮᠰᠠᠷ ᠦᠭᠡᠢ ᠲᠠᠰᠢᠶᠡᠷᠡᠯ ᠪᠣᠯᠤᠨ᠌ ᠠ᠃ |
原文 |
查看原文
|
出自 |
内蒙古大学学报
2013年
第1期
|