摘要 |
ᠦᠭᠦᠯᠡᠯ ᠳᠤ ᠰᠢᠨᠵᠢᠶᠠᠩ ᠤᠨ ᠤᠢ᠌ᠷᠠᠳ ᠠᠶᠯᠭᠤᠨ ᠳᠤ ᠬᠢᠭ᠍ᠰᠡᠨ ᠭᠡᠭᠡᠷ᠎ᠡ ᠶᠢᠨ ᠪᠠᠢ᠌ᠴᠠᠭᠠᠯᠳᠠ ᠶᠢᠨ ᠮᠠᠲ᠋ᠸᠷᠢᠶᠠᠯ ᠳᠤ ᠰᠠᠭᠤᠷᠢᠯᠠᠵᠤ᠂ ᠲᠡᠦᠬᠡ ᠶᠢᠨ ᠬᠠᠷᠢᠴᠠᠭᠤᠯᠬᠤ ᠠᠷᠭ᠎ᠠ ᠶᠢ ᠬᠡᠷᠡᠭᠯᠡᠨ᠂ ᠮᠤᠩᠭ᠋ᠤᠯ ᠬᠡᠯᠡᠨ ᠤ ᠤᠢ᠌ᠷᠠᠳ ᠠᠶᠠᠯᠭᠤ ᠨᠢ ᠠᠢ᠌ᠮᠠᠭ ᠪᠦᠯᠦᠭ ᠤᠨ ᠬᠡᠳᠦ ᠤᠳᠠᠭᠠᠨ ᠤ ᠬᠤᠯᠪᠤᠭ᠎ᠠ ᠰᠦᠯᠪᠡᠭᠡ᠂ ᠵᠠᠳᠠᠷᠠᠯ ᠨᠢᠭᠡᠳᠦᠯ ᠪᠠ ᠨᠡᠭᠦᠳᠡᠯ ᠪᠠᠭᠤᠳᠠᠯ ᠤᠨ ᠲᠡᠦᠬᠡᠨ ᠶᠠᠪᠤᠴᠠ ᠶᠢ ᠦᠩᠭᠡᠷᠡᠭᠡᠭᠡᠳ ᠮᠤᠩᠭ᠋ᠤᠯ ᠬᠡᠯᠡᠨ ᠤ ᠪᠤᠰᠤᠳ ᠠᠶᠠᠯᠭᠤ᠂ ᠠᠮᠠᠨ ᠠᠶᠯᠭᠤᠨ ᠡᠴᠡ ᠢᠯᠡᠳᠳᠡ ᠵᠦᠷᠢᠶ᠎ᠡ ᠲᠠᠢ ᠪᠤᠯᠤᠭᠰᠠᠨ ᠪᠦᠭᠡᠳ ᠦᠪᠡᠷ ᠵᠠᠭᠤᠷ᠎ᠠ ᠪᠠᠨ ᠴᠤ ᠲᠤᠷᠭᠤᠳ᠂ ᠦᠭᠡᠯᠡᠳ᠂ ᠬᠤᠱᠤᠳ᠂ ᠴᠠᠬᠠᠷ ᠭᠡᠬᠦ ᠮᠡᠳᠦ ᠶᠢ ᠠᠮᠠᠨ ᠠᠶᠠᠯᠭᠤ ᠪᠡᠷ ᠢᠯᠭᠠᠷᠠᠭᠰᠠᠨ ᠲᠤᠳᠤᠭᠠᠳᠤ ᠶᠢᠨ ᠵᠦᠷᠢᠶᠡᠨᠳᠦ ᠰᠢᠨᠵᠢ ᠪᠦᠬᠦᠢ ᠨᠤᠳᠤᠭ ᠤᠨ ᠠᠶᠠᠯᠭᠤ ᠪᠤᠯᠵᠤ ᠪᠦᠷᠢᠯᠳᠦᠨ ᠬᠦᠭ᠍ᠵᠢᠵᠦ ᠢᠷᠡᠭᠰᠡᠨ ᠢ ᠰᠢᠨᠵᠢᠯᠡᠪᠡ᠃ |