题名 |
ᠴᠠᠢᠷ ᠤᠨ ᠰᠢᠷᠬᠡᠭ ᠬᠦᠳᠡᠷ ᠦᠨ ᠪᠦᠲᠦᠴᠡᠲᠦ CaN/AlxCa1-xN ᠺᠧᠨᠠᠲ᠋ ᠤᠨᠠᠭᠤᠯᠢ ᠳᠤᠲᠤᠷᠠᠬᠢ ᠫᠤᠯᠠᠷᠤᠨ |
作者 |
ᠦᠷᠦᠨᠲᠤᠶᠠᠭ᠎ᠠ; ᠵᠤᠤ ᠹᠧᠩ ᠴᠢ; ᠳ᠋ᠤᠸᠠᠨ ᠰᠢᠦᠢ ᠯᠠᠢ |
关键词 |
ᠴᠠᠢᠷ ᠤᠨ ᠰᠢᠷᠬᠡᠭ ᠬᠦᠳᠡᠷ; ᠭᠧᠨᠠᠲ᠋ ᠤᠨᠠᠭᠤᠯᠢ; ᠫᠤᠯᠠᠷᠤᠨ ᠦᠢᠯᠡᠴᠢᠯᠡᠭᠡ |
摘要 |
ᠰᠠᠢᠵᠢᠷᠠᠭᠤᠯᠤᠭᠰᠠᠨ Lee-Low-Pines (LLP) ᠬᠤᠪᠢᠯᠭᠠᠪᠤᠷᠢ ᠶᠢᠨ ᠠᠷᠭ᠎ᠠ ᠪᠠᠷ ᠴᠠᠢᠷ ᠤᠨ ᠰᠢᠷᠬᠡᠭ ᠬᠦᠳᠡᠷ ᠦᠨ ᠪᠦᠲᠦᠴᠡᠲᠦ ᠺᠧᠨᠠᠲ᠋ ᠤᠨᠠᠭᠤᠯᠢ ᠳᠤᠲᠤᠷᠠᠬᠢ ᠫᠤᠯᠠᠷᠤᠨ ᠦᠢᠯᠡᠴᠢᠯᠡᠭᠡ᠂ ᠳᠠᠷᠤᠢ ᠡᠯᠧᠺᠲ᠋ᠷᠤᠨ — ᠬᠢᠵᠠᠭᠠᠷᠯᠠᠭᠳᠠᠬᠤ ᠭᠡᠷᠡᠯᠯᠢᠭ ᠪᠤᠨᠤᠨ ᠬᠠᠷᠢᠯᠴᠠᠨ ᠦᠢᠯᠡᠴᠢᠯᠡᠯ ᠡᠴᠡ ᠫᠤᠯᠠᠷᠤᠨ ᠤ ᠡᠨᠧᠷᠬᠢ ᠳᠦ ᠦᠵᠡᠭᠦᠯᠬᠦ ᠨᠦᠯᠦᠭᠡ ᠶᠢ ᠰᠤᠳᠤᠯᠵᠠᠢ᠃ ᠡᠭᠦᠨ ᠳᠦ᠂ ᠴᠠᠢᠷ ᠤᠨ ᠰᠢᠷᠬᠡᠭ ᠬᠦᠳᠡᠷ ᠦᠨ ᠪᠦᠲᠦᠴᠡᠲᠦ ᠺᠧᠨᠠᠲ᠋ ᠤᠨᠠᠭᠤᠯᠢ ᠮᠠᠲ᠋ᠧᠷᠢᠶᠠᠯ ᠳᠤᠲᠤᠷᠠᠬᠢ ᠡᠯᠧᠺᠲ᠋ᠷᠤᠨ ᠦ ᠠᠰᠢᠭᠲᠤ ᠮᠠᠰ ᠤᠨ ᠣᠢᠷᠠᠯᠴᠠᠭ᠎ᠠ ᠬᠡᠮᠵᠢᠭᠳᠡᠯ ᠪᠡ ᠭᠡᠷᠡᠯᠯᠢᠭ ᠹᠤᠨᠤᠨ ᠮᠸᠦ᠋ᠳ᠋ ᠦᠨ ᠢᠽᠤᠲ᠋ᠷᠤᠫᠢ ᠪᠤᠰᠤ ᠴᠢᠨᠠᠷ ᠪᠤᠯᠤᠨ ᠹᠤᠨᠤᠨ ᠤ ᠳᠠᠪᠲᠠᠮᠵᠢ ᠶᠢᠨ ᠳᠤᠯᠭᠢᠶᠠᠨ ᠸᠧᠺᠲ᠋ᠤᠷ ᠢ ᠳᠠᠭᠠᠨ ᠬᠤᠪᠢᠷᠠᠬᠤ ᠬᠤᠯᠪᠤᠭᠳᠠᠯ ᠢ ᠪᠤᠳᠤᠯᠬᠢᠯᠠᠭᠰᠠᠨ ᠪᠠᠢᠨ᠎ᠠ᠃ ᠰᠤᠳᠤᠯᠭᠠᠨ ᠤ ᠳ᠋ᠦᠩ ᠳᠦ᠂ ᠴᠠᠢᠷ ᠤᠨ ᠰᠢᠷᠬᠡᠭ ᠬᠦᠳᠡᠷ ᠦᠨ ᠪᠦᠲᠦᠴᠡᠲᠦ CaN/AlxCa1-xN ᠺᠧᠨᠠᠲ᠋ ᠤᠨᠠᠭᠤᠯᠢ ᠳᠤᠲᠤᠷᠠᠬᠢ ᠡᠯᠧᠺᠲ᠋ᠷᠤᠨ - ᠬᠢᠵᠠᠭᠠᠷᠯᠠᠭᠳᠠᠬᠤ ᠭᠡᠷᠡᠯᠯᠢᠭ᠌ ᠪᠤᠨᠤᠨ ᠬᠠᠷᠢᠯᠴᠠᠨ ᠦᠢᠯᠡᠴᠢᠯᠡᠯ ᠢ ᠪᠤᠳᠤᠯᠬᠢᠯᠠᠭᠰᠠᠨ ᠪᠠᠢᠳᠠᠯ ᠳᠠᠬᠢ ᠴᠢᠯᠦᠭᠡᠲᠦ ᠫᠤᠯᠠᠷᠤᠨ ᠤ ᠡᠨᠧᠷᠬᠢ ᠶᠢᠨ ᠺᠧᠨᠠᠲ᠋ ᠤᠨᠠᠭᠤᠯᠢ ᠶᠢᠨ ᠦᠷᠭᠡᠨ ᠪᠡ ᠪᠦᠷᠢᠯᠳᠦᠭᠦᠨ ᠢ ᠳᠠᠭᠠᠨ ᠬᠤᠪᠢᠷᠠᠬᠤ ᠬᠤᠯᠪᠤᠭᠳᠠᠯ ᠢ ᠣᠯᠵᠠᠢ᠃ ᠡᠭᠦᠨ ᠦ ᠬᠠᠮᠲᠤ LLP ᠬᠤᠪᠢᠯᠭᠠᠪᠤᠷᠢ ᠶᠢᠨ ᠠᠷᠭ᠎ᠠ ᠶᠢ ᠬᠡᠷᠡᠭᠯᠡᠵᠦ ᠫᠤᠯᠠᠷᠤᠨ ᠤ ᠡᠨᠧᠷᠬᠢ ᠶᠢ ᠪᠤᠳᠤᠬᠤ ᠦᠶᠡᠰ ᠦᠨ ᠬᠢ ᠬᠡᠳᠦᠨ ᠵᠤᠢᠯ ᠤᠨ ᠠᠳᠠᠯᠢ ᠪᠤᠰᠤ ᠰᠢᠢᠳᠪᠦᠷᠢᠯᠡᠬᠦ ᠠᠷᠭ᠎ᠠ ᠶᠢᠨ ᠲᠤᠬᠠᠢ ᠵᠠᠳᠠᠯᠤᠨ ᠶᠠᠷᠢᠯᠴᠠᠭᠰᠠᠨ ᠪᠠᠢᠨ᠎ᠠ᠃ |
原文 |
没有原文
|
出自 |
内蒙古师范大学学报(自然科学蒙古文版)
2011年
第3期
|