论文信息


题名 ᠪᠠᠭᠠᠷᠢᠨ ᠤ ᠠᠯᠳᠠᠷ ᠴᠤᠤᠲᠤ ᠡᠮᠴᠢ ᠳᠤᠮᠴᠢ ᠨᠠᠷ ᠤᠨ ᠡᠷᠳᠡᠮ ᠰᠢᠳᠢ ᠶᠢᠨ ᠲᠤᠬᠠᠢ ᠬᠠᠭᠤᠴᠢ ᠳᠤᠮᠤᠭ ᠤᠨ ᠣᠨᠴᠠᠯᠢᠭ ᠰᠢᠨᠵᠢ
作者 ᠬᠡ‍ · ᠰᠠᠢᠨᠴᠤᠭᠲᠤ
关键词 ᠪᠠᠭᠠᠷᠢᠨ; ᠬᠠᠭᠤᠴᠢ ᠳᠤᠮᠤᠭ; ᠡᠮᠴᠢ ᠳᠤᠮᠴᠢ; ᠣᠨᠴᠠᠭᠠᠢ ᠠᠪᠢᠶᠠᠰ ᠴᠢᠳᠠᠯᠲᠠᠳ
摘要 ᠪᠠᠭᠠᠷᠢᠨᠴᠤᠳ ᠤᠨ ᠳᠤᠮᠳᠠ ᠠᠯᠳᠠᠷ ᠴᠤᠤ ᠮᠠᠨᠳᠤᠭᠰᠠᠨ ᠡᠷᠳᠡᠮ ᠴᠢᠳᠠᠯ ᠲᠠᠢ ᠡᠮᠴᠢ ᠳᠤᠮᠴᠢ ᠶᠢᠨ ᠦᠯᠢᠭᠡᠷ ᠳᠤᠮᠤᠭ ᠣᠯᠠᠨ ᠵᠤᠬᠢᠶᠠᠭᠳᠠᠵᠤ ᠤᠯᠠᠮᠵᠢᠯᠠᠭᠳᠠᠭᠰᠠᠨ ᠪᠠᠢᠳᠠᠭ᠃ ᠨᠡᠢᠲᠡ ᠮᠣᠩᠭᠤᠯᠴᠤᠳ ᠤᠨ ᠦᠯᠢᠭᠡᠷ ᠳᠤᠮᠤᠭ ᠤᠨ ᠳᠤᠲᠤᠷᠠᠬᠢ ᠴᠢᠬᠤᠯᠠ ᠨᠢᠭᠡᠨ ᠲᠦᠷᠦᠯ ᠵᠤᠢᠯ ᠪᠤᠯᠤᠭᠰᠠᠨ ᠡᠳᠡᠭᠡᠷ ᠦᠯᠢᠭᠡᠷ ᠳᠤᠮᠤᠭ ᠲᠤ ᠳᠠᠷᠠᠭᠠᠬᠢ ᠮᠡᠲᠦ ᠬᠡᠳᠦᠨ ᠲᠠᠯ᠎ᠠ ᠶᠢᠨ ᠰᠢᠨᠵᠢ ᠣᠨᠴᠠᠯᠢᠭ ᠲᠠᠢ᠄ ᠨᠢᠭᠡ ᠳᠦ᠂ ᠳᠤᠮᠤᠭ ᠰᠡᠳᠬᠢᠭᠦᠢ ᠶᠢᠨ ᠣᠨᠴᠠᠯᠢᠭ ᠰᠢᠨᠵᠢ ᠪᠦᠬᠦᠢ ᠬᠡᠳᠦᠢᠳᠦᠭᠰᠡᠨ ᠷᠢᠳᠢ ᠰᠢᠳᠢ ᠡᠷᠳᠡᠮ ᠴᠢᠳᠠᠯ ᠲᠠᠢ ᠡᠮᠴᠢ ᠳᠤᠮᠴᠢ᠂ ᠵᠢᠷᠤᠬᠠᠢᠴᠢ ᠰᠢᠨᠵᠢᠭᠡᠴᠢ ᠶᠢᠨ ᠳᠦᠷᠢ ᠪᠦᠲᠦᠭᠡᠳᠡᠭ; ᠬᠤᠶᠠᠷ ᠲᠤ᠂ ᠡᠮᠴᠢ ᠳᠤᠮᠴᠢ᠂ ᠵᠢᠷᠤᠬᠠᠢᠴᠢ ᠰᠢᠨᠵᠢᠭᠡᠴᠢ ᠨᠠᠷ ᠤᠨ ᠦᠢᠯᠡ ᠶᠠᠪᠤᠳᠠᠯ ᠢ ᠦᠨᠡᠨ ᠮᠦᠨ ᠢᠶᠠᠷ ᠨᠢ ᠬᠦᠦᠷᠨᠢᠵᠦ ᠦᠨᠡᠯᠡᠨ ᠮᠠᠭᠳᠠᠭᠰᠠᠨ ᠪᠠᠢᠳᠠᠭ᠃ ᠭᠤᠷᠪᠠ ᠳᠤ᠂ ᠳᠦᠷᠢ ᠨᠦᠬᠦᠳ ᠦᠨ ᠨᠡᠢᠲᠡᠯᠢᠭ ᠣᠨᠴᠠᠯᠢᠭ ᠭᠡᠪᠡᠯ ᠡᠳ᠋ ᠠᠰᠢᠭ ᠲᠤ ᠰᠢᠨᠤᠬᠤ ᠦᠭᠡᠢ᠂ ᠦᠭᠡᠭᠦᠦ ᠶᠠᠳᠠᠭᠤ ᠬᠦᠮᠦᠰ ᠢ ᠡᠨᠡᠷᠢᠨ ᠲᠡᠳᠭᠦᠳᠡᠭ ᠡᠷᠬᠢᠮ ᠳᠡᠭᠡᠳᠦ ᠵᠠᠩ ᠴᠢᠨᠠᠷ ᠲᠠᠢ; ᠳᠦᠷᠪᠡ ᠳᠦ᠂ ᠡᠳᠡᠭᠡᠷ ᠬᠠᠭᠤᠴᠢ ᠳᠤᠮᠤᠭ ᠲᠠᠬᠢ ᠪᠠᠭᠠᠷᠢᠨ ᠤ ᠠᠯᠳᠠᠷᠲᠤ ᠡᠮᠴᠢ ᠳᠤᠮᠴᠢ ᠨᠠᠷ ᠪᠤᠯ ᠴᠦᠮ ᠲᠦᠪᠳ ᠬᠡᠯᠡ ᠰᠤᠷᠴᠤ᠂ ᠪᠤᠷᠬᠠᠨ ᠤ ᠨᠤᠮ ᠢᠶᠠᠷ ᠰᠡᠳᠬᠢᠯ ᠢᠶᠡᠨ ᠵᠠᠰᠠᠨ᠂ ᠡᠨᠡᠳᠬᠡᠭ ᠲᠦᠪᠡᠳ ᠦᠨ ᠡᠮᠨᠡᠯᠭᠡ ᠶᠢᠨ ᠤᠬᠠᠭᠠᠨ ᠢ ᠭᠦᠨ ᠡᠵᠡᠮᠰᠢᠭᠰᠡᠨ ᠯᠠᠮᠠᠳᠠᠳ ᠪᠤᠯᠤᠨ᠎ᠠ᠃ ᠡᠳᠡᠭᠡᠷ ᠦᠯᠢᠭᠡᠷ ᠳᠤᠮᠤᠭ ᠢ ᠢᠳᠡᠪᠬᠢᠲᠡᠢ ᠴᠤᠭᠯᠠᠭᠤᠯᠤᠨ ᠡᠮᠬᠢᠳᠭᠡᠬᠦ ᠪᠡ ᠰᠤᠳᠤᠯᠬᠤ ᠨᠢ ᠮᠣᠩᠭᠤᠯ ᠰᠤᠳᠤᠯᠤᠯ ᠤᠨ ᠣᠯᠠᠨ ᠲᠠᠯ᠎ᠠ ᠲᠠᠢ ᠬᠤᠯᠪᠤᠭᠳᠠᠭᠰᠠᠨ ᠴᠢᠬᠤᠯᠠ ᠰᠡᠳᠦᠪ ᠮᠦᠨ᠃
原文 查看原文
出自 中国蒙古学 2015年 第3期

联系我们


内蒙古大学图书馆
呼和浩特市大学西路235号
中国·内蒙古
P: (0471) 4992561
E: huangfeilong@imu.edu.cn