论文信息


题名 ᠰᠠᠢ᠌ᠢᠴᠤᠩᠭ᠋᠎ᠠ ᠶᠢᠨ ᠵᠤᠬᠢᠶᠠᠯ ᠪᠦᠳᠦᠭᠡᠯ ᠳᠡᠬᠢ ᠯᠦ ᠰᠢᠶᠦ᠋ᠨ ᠤ ᠵᠤᠬᠢᠶᠠᠯ ᠤᠨ ᠨᠦᠯᠦᠭᠡ ᠲᠤᠰᠬᠠᠯ ᠢ ᠰᠢᠨᠵᠢᠯᠡᠬᠦ ᠨᠢ
作者 ᠺᠠᠨ ᠬᠠᠢ ᠶᠢᠩ
关键词 ᠰᠠᠢ᠌ᠴᠤᠩᠭ᠋᠎ᠠ; ᠵᠤᠬᠢᠶᠠᠯ ᠪᠦᠳᠦᠭᠡᠯ; ᠯᠦ ᠰᠢᠶᠦ᠋ᠨ; ᠨᠦᠯᠦᠭᠡ
摘要 ᠮᠤᠩᠭ᠋ᠤᠯ ᠤᠷᠴᠢᠭᠤᠯᠭ᠎ᠠ ᠶᠢᠨ ᠤᠳᠬ᠎ᠠ ᠵᠤᠬᠢᠶᠠᠯ ᠨᠢ ᠬᠦᠭ᠍ᠵᠢᠯ ᠤᠨ ᠶᠠᠪᠤᠴᠠ ᠳᠠᠭᠠᠨ ᠤᠬᠠᠮᠰᠠᠷ ᠲᠠᠢ ᠪᠤᠶᠤ ᠤᠬᠠᠮᠰᠠᠷ ᠦᠭᠡᠢ ᠪᠷ ᠪᠤᠰᠤᠳ ᠦᠨᠳᠦᠰᠦᠳᠡᠨ ᠤ ᠤᠳᠬ᠎ᠠ ᠵᠤᠬᠢᠶᠠᠯ ᠤᠨ ᠦᠷ᠎ᠡ ᠨᠦᠯᠦᠭᠡ ᠪᠠ ᠰᠢᠮ᠎ᠡ ᠲᠡᠵᠢᠭᠡᠯ ᠢ ᠲᠠᠰᠤᠷᠠᠯ ᠦᠭᠡᠢ ᠬᠦᠷᠳᠡᠵᠦ᠂《ᠪᠦᠳᠦᠭᠡᠯᠴᠢ ᠴᠢᠨᠠᠷᠳᠠᠢ ᠰᠢᠨ᠎ᠡ ᠶᠢ ᠡᠭᠦᠳᠬᠦ》ᠵᠡᠷᠭᠡ ᠬᠤᠪᠢᠰᠤᠯ ᠦᠭᠡᠷᠡᠴᠢᠯᠡᠯᠳᠡ ᠶᠢ ᠲᠠᠮᠵᠢᠭᠰᠠᠨ ᠪᠠᠢ᠌ᠨ᠎ᠠ᠃ ᠲᠡᠷᠡ ᠨᠢ ᠮᠦᠨ ᠴᠤ ᠤᠷᠳᠤ ᠤᠳᠠᠭᠠᠨ ᠬᠦᠭ᠍ᠵᠢᠯ ᠤᠨ ᠶᠠᠪᠤᠴᠠ ᠳᠡᠬᠢ ᠬᠠᠳᠠᠭᠤᠵᠢᠯ ᠲᠠᠢ ᠰᠤᠶᠤᠯ ᠤᠨ ᠰᠤᠩᠭ᠋ᠤᠯᠳᠠ ᠮᠦᠨ ᠪᠦᠭᠡᠳ ᠲᠡᠭᠦᠨ ᠯᠤᠭᠡ ᠲᠤᠬᠢᠷᠠᠯᠴᠠᠬᠤ ᠪᠠ ᠨᠢᠭᠡᠳᠬᠦ ᠶᠠᠪᠤᠴᠠ ᠮᠦᠨ᠃ ᠠᠯᠢᠪᠠ ᠠᠮᠵᠢᠯᠳᠠ ᠪᠦᠳᠦᠭᠡᠯ ᠲᠠᠢ ᠵᠤᠬᠢᠶᠠᠯᠴᠢᠳ ᠦᠪᠡᠷ ᠤᠨ ᠦᠨᠳᠦᠰᠦᠳᠡᠨ ᠤ ᠤᠳᠬ᠎ᠠ ᠵᠤᠬᠢᠶᠠᠯ ᠤᠨ ᠤᠯᠠᠮᠵᠢᠯᠠᠯ ᠶᠢᠡᠨ ᠰᠠᠢ᠌ᠳᠤᠷ ᠵᠠᠯᠭᠠᠮᠵᠢᠯᠠᠨ ᠠᠪᠤᠭᠰᠠᠨ ᠤ ᠰᠠᠭᠤᠷᠢᠨ ᠲᠡᠭᠡᠷ᠎ᠡ ᠪᠤᠰᠤᠳ ᠤᠯᠤᠰ ᠦᠨᠳᠦᠰᠦᠳᠡᠨ ᠤ ᠤᠳᠬ᠎ᠠ ᠵᠤᠬᠢᠶᠠᠯ ᠤᠨ ᠵᠤᠬᠢᠶᠠᠨ ᠪᠦᠳᠦᠭᠡᠯᠳᠡ ᠶᠢᠨ ᠲᠠᠪᠰᠢᠭᠰᠠᠨ ᠰᠢᠨ᠎ᠡ ᠠᠷᠭ᠎᠎ᠠ ᠪᠠᠷᠢᠯ ᠢ ᠰᠢᠭᠦᠮᠵᠢᠯᠡᠯ ᠲᠠᠢ ᠪᠡᠷ ᠰᠢᠩᠭᠡᠭᠡᠨ ᠠᠪᠴᠤ ᠦᠪᠡᠷ ᠤᠨ ᠵᠤᠬᠢᠶᠠᠯ ᠪᠦᠳᠦᠭᠡᠯ ᠶᠢᠡᠨ ᠵᠤᠬᠢᠶᠠᠵᠤ ᠪᠦᠳᠦᠭᠡᠳᠡᠭ᠃ ᠠᠯᠳᠠᠷᠳᠤ ᠰᠢᠯᠦᠭᠴᠢ ᠰᠠᠢ᠌ᠴᠤᠩᠭ᠋᠎ᠠ ᠰᠤᠷᠤᠯᠴᠠᠬᠤ —ᠤᠢ᠌ᠯᠠᠭᠠᠬᠤ — ᠰᠢᠩᠭᠡᠭᠡᠬᠦ — ᠰᠤᠩᠭ᠋ᠤᠬᠤ— ᠶᠠᠪᠤᠴᠠ ᠪᠡᠷ ᠲᠠᠮᠵᠢᠨ ᠵᠤᠬᠢᠶᠠᠯ ᠪᠦᠳᠦᠭᠡᠯ ᠳᠡᠭᠡᠨ ᠮᠤᠩᠭ᠋ᠤᠯ ᠦᠨᠳᠦᠰᠦᠳᠡᠨ ᠤ ᠠᠷᠠᠳ ᠲᠦᠮᠡᠨ ᠤ ᠲᠡᠦᠬᠡ ᠰᠤᠶᠤᠯ᠂ ᠠᠮᠢᠳᠤᠷᠠᠯ ᠲᠡᠮᠡᠴᠡᠯ᠂ ᠵᠠᠩ ᠲᠠᠳᠬᠠᠯ᠂ ᠦᠵᠡᠯ ᠰᠠᠨᠠᠭ᠎ᠠ᠂ ᠬᠠᠢ᠌ᠷ᠎ᠠ ᠰᠡᠳᠭᠢᠯᠭᠡ᠂ ᠵᠠᠩ ᠴᠢᠨᠠᠷ᠂ ᠴᠤᠭ ᠵᠢᠪᠬᠤᠭ᠎ᠠ᠂ ᠰᠡᠳᠭᠢᠴᠡ ᠰᠢᠨᠵᠢ ᠶᠢ ᠦᠨᠡᠨ ᠮᠦᠨ ᠶᠢᠡᠷ ᠨᠢ ᠵᠦᠪ ᠤᠨᠤᠪᠴᠢᠳᠠᠢ ᠲᠦᠷᠰᠦᠯᠡᠨ ᠦᠭᠦᠯᠡᠪᠡ᠃ ᠲᠡᠭᠦᠨ ᠤ ᠵᠤᠬᠢᠶᠠᠯ ᠪᠦᠳᠦᠭᠡᠯ ᠬᠦᠷᠦᠭ ᠲᠦᠷᠢ ᠶᠢᠨ ᠲᠦᠷᠰᠦᠯᠡᠯ᠂ ᠤᠳᠬ᠎ᠠ ᠰᠡᠳᠦᠪ᠂ ᠡᠮᠡᠭᠳᠡᠢ᠌ᠴᠦᠳ ᠤᠨ ᠰᠡᠳᠦᠪᠯᠡᠭᠦᠨ ᠵᠡᠷᠭᠡ ᠲᠠᠯ᠎ᠠ ᠪᠡᠷ ᠯᠦ ᠰᠢᠶᠦ᠋ᠨ ᠤ ᠵᠤᠬᠢᠶᠠᠯ ᠤᠨ ᠨᠦᠯᠦᠭᠡ ᠲᠤᠰᠬᠠᠯ ᠢ ᠬᠦᠷᠳᠡᠭᠰᠡᠨ ᠪᠠᠢ᠌ᠨ᠎ᠠ᠃
原文 查看原文
出自 中国蒙古学 2013年 第5期

联系我们


内蒙古大学图书馆
呼和浩特市大学西路235号
中国·内蒙古
P: (0471) 4992561
E: huangfeilong@imu.edu.cn