题名 |
ᠮᠣᠩᠭᠤᠯ ᠪᠠᠭᠠᠲᠤᠷ ᠤᠨ ᠲᠤᠤᠯᠢ ᠶᠢᠨ 《ᠨᠠᠷᠠ — ᠬᠠᠲᠤᠳ ᠪᠡᠷᠢᠶᠡᠳ》ᠤᠤᠷ ᠬᠡᠪ ᠦᠨ ᠲᠤᠬᠠᠢ ᠦᠭᠦᠯᠡᠬᠦ ᠨᠢ |
作者 |
ᠵᠢᠨ ᠾᠧᠢ ᠶᠢᠩ |
关键词 |
ᠮᠣᠩᠭᠤᠯ ᠪᠠᠭᠠᠲᠤᠷ ᠤᠨ ᠲᠤᠤᠯᠢ; 《ᠨᠠᠷᠠ — ᠬᠠᠲᠤᠳ ᠪᠡᠷᠢᠶᠡᠳ》; ᠤᠤᠷ ᠬᠡᠪ |
摘要 |
ᠮᠣᠩ᠋ᠭᠤᠯ ᠪᠠᠭᠠᠲᠤᠷ ᠤᠨ ᠲᠤᠤᠯᠢ ᠶᠢᠨ ᠬᠦᠮᠦᠨ ᠦ ᠳᠦᠷᠢ ᠶᠢᠨ ᠰᠢᠰᠲ᠋ᠧᠮ ᠳᠡᠬᠢ ᠴᠢᠬᠤᠯᠠ ᠲᠤᠰᠠᠯᠠᠭᠴᠢ ᠳᠦᠷᠢ ᠪᠤᠯᠬᠤ ᠡᠮᠡᠭᠲᠡᠢ ᠪᠠᠭᠠᠲᠤᠷ ᠤᠨ ᠳᠦᠷᠢ ᠨᠢ ᠬᠡᠳᠦᠢ᠌ᠪᠡᠷ ᠡᠷᠡᠭᠲᠡᠢ ᠪᠠᠭᠠᠲᠤᠷ ᠤᠨ ᠳᠦᠷᠢ ᠰᠢᠭ᠌ ᠦᠪᠡᠷᠮᠢᠴᠢᠵᠢᠨ ᠰᠤᠩ᠋ᠭᠤᠭᠳᠠᠭᠰᠠᠨ ᠳᠦᠷᠢ ᠪᠤᠯᠵᠤ ᠲᠡᠢ᠌ᠯᠦᠭᠡ ᠦᠭᠡᠢ ᠴᠦ᠂ ᠲᠡᠭᠦᠨ ᠡᠴᠡ ᠤᠵᠠᠭᠤᠷ ᠮᠣᠩ᠋ᠭᠤᠯᠴᠤᠳ ᠤᠨ ᠨᠠᠷᠠᠨ ᠰᠢᠲᠦᠯᠭᠡ ᠶᠢᠨ ᠤᠯᠠ ᠮᠦᠷ ᠢ ᠵᠤᠬᠢᠬᠤ ᠬᠡᠮᠵᠢᠶ᠎ᠡ ᠪᠡᠷ ᠮᠦᠰᠭᠢᠨ ᠬᠠᠷᠠᠵᠤ ᠪᠤᠯᠤᠨ᠎ᠠ᠃ ᠨᠡᠩ ᠪᠤᠳᠠᠲᠠᠢ ᠶᠠᠷᠢᠪᠠᠯ᠂ ᠡᠮᠡᠭᠲᠡᠢ ᠪᠠᠭᠠᠲᠤᠷ ᠤᠨ ᠦᠵᠡᠰᠭᠦᠯᠡᠩ ᠭᠤᠤ᠎ᠠ ᠶᠢ ᠨᠠᠷᠠ ᠪᠠᠷ ᠦᠯᠢᠳᠭᠡᠨ ᠳᠦᠷᠰᠦᠯᠡᠬᠦ ᠪᠡ ᠲᠡᠳᠡᠨ ᠦ ᠨᠡᠷ᠎ᠡ ᠴᠤᠯᠠ ᠳᠠᠬᠢ ᠨᠠᠷᠠ ᠲᠠᠢ ᠬᠤᠯᠪᠤᠭ᠎ᠠ ᠪᠦᠬᠦᠢ ᠳᠠᠭᠤᠳᠠᠯᠭ᠎ᠠ ᠵᠡᠷᠭᠡ ᠡᠴᠡ ᠪᠢᠳᠡ ᠲᠤᠤᠯᠢᠴᠢᠳ ᠨᠢ ᠲᠤᠤᠯᠢ ᠶᠢᠨ ᠡᠮᠡᠭᠲᠡᠢ ᠪᠠᠭᠠᠲᠤᠷ ᠤᠨ ᠳᠦᠷᠢ ᠶᠢ ᠤᠷᠠᠯᠠᠨ ᠬᠠᠢ᠌ᠯᠠᠬᠤ ᠳᠠᠭᠠᠨ 《ᠨᠠᠷᠠ — ᠬᠠᠲᠤᠳ ᠪᠡᠷᠢᠶᠡᠳ》ᠤᠤᠷ ᠬᠡᠪ ᠦᠨ ᠳᠠᠭᠠᠤ ᠵᠤᠬᠢᠶᠠᠮᠵᠢᠯᠠᠨ ᠲᠤᠭᠤᠷᠪᠢᠵᠤ ᠪᠠᠢ᠌ᠭᠰᠠᠨ ᠮᠦᠷᠲᠡᠭᠡᠨ ᠲᠡᠭᠦᠨ ᠢᠶᠡᠷ ᠳᠠᠮᠵᠢᠭᠤᠯᠤᠨ ᠲᠡᠳᠡᠨ ᠢ 《ᠨᠠᠷᠠ ᠳᠠᠬᠢᠨᠢ》ᠪᠤᠯᠭᠠᠨ ᠰᠡᠳᠬᠢᠮᠵᠢᠯᠡᠵᠦ ᠪᠠᠢ᠌ᠵᠠᠢ᠃ ᠡᠨᠡ ᠨᠢ ᠪᠠᠭᠠᠲᠤᠷᠯᠢᠭ ᠴᠠᠭ ᠡᠷᠢᠨ ᠦ ᠬᠦᠮᠦᠨ ᠠᠷᠠᠳ ᠤᠨ ᠨᠠᠷᠠ ᠪᠤᠯᠤᠨ ᠡᠮᠡᠭᠲᠡᠢ ᠬᠦᠮᠦᠨ ᠢ ᠵᠤᠬᠢᠬᠤ ᠢᠵᠢᠯᠢᠰᠢᠬᠦ ᠲᠠᠯ᠎ᠠ ᠲᠠᠢ ᠪᠠᠷ ᠤᠬᠠᠭᠠᠷᠠᠨ ᠮᠡᠳᠡᠷᠡᠵᠦ ᠪᠠᠢ᠌ᠭᠰᠠᠨ ᠢᠶᠠᠨ ᠤᠯᠠᠮ ᠢᠶᠠᠷ ᠳᠤᠮᠤᠭ ᠤᠨ ᠰᠡᠳᠬᠢᠭᠦᠢ ᠶᠢᠨ ᠦᠯᠢᠳᠭᠡᠭᠦᠢ ᠤᠳᠤᠮᠰᠢᠯ ᠤᠨ ᠵᠤᠷᠰᠢᠯ ᠢᠶᠠᠷ ᠲᠤᠤᠯᠢ ᠶᠢᠨ ᠡᠮᠡᠭᠲᠡᠢ ᠪᠠᠭᠠᠲᠤᠳ ᠢ ᠨᠠᠷᠠ ᠪᠠᠷ ᠦᠯᠢᠳᠭᠡᠨ ᠰᠡᠳᠬᠢᠵᠦ᠂ ᠨᠢᠭᠡ ᠪᠡᠷ ᠨᠢ ᠨᠦᠬᠦᠭᠡ ᠶᠢᠨ ᠬᠢᠨᠢ ᠪᠡᠯᠭᠡᠳᠡᠯ ᠪᠤᠯᠭᠠᠨ ᠲᠠᠨᠢᠨ ᠣᠢ᠌ᠯᠠᠭᠠᠵᠤ ᠪᠠᠢ᠌ᠭᠰᠠᠨ ᠤ ᠢᠯᠡᠷᠡᠯ ᠪᠤᠯᠬᠤ ᠶᠤᠮ᠃ |
原文 |
查看原文
|
出自 |
中国蒙古学
2013年
第6期
|