摘要 |
ᠮᠣᠩᠭᠤᠯ ᠬᠡᠦᠭᠡᠳ ᠤᠨ ᠦᠭᠡᠨ ᠲᠤᠭᠯᠠᠭᠠᠮ ᠪᠣᠯ ᠦᠨᠳᠦᠰᠦᠲᠡᠨ ᠨᠣᠭᠦᠳ ᠤᠨ ᠬᠡᠦᠬᠡᠳ ᠤᠨ ᠤᠯᠠᠮᠵᠢᠯᠠᠯᠲᠤ ᠲᠤᠭᠯᠠᠭᠠᠮ ᠤᠨ ᠡᠷᠳᠡᠨᠢᠰ ᠤᠨ ᠰᠠᠩ ᠳ᠋ᠡᠬᠢ ᠦᠪᠡᠷᠮᠢᠴᠡ ᠣᠨᠴᠯᠠᠯᠢᠭ ᠪᠦᠬᠦᠢᠨᠢᠭᠡᠨ ᠲᠦᠷᠦᠯ ᠪᠣᠯᠤᠨ᠎ᠠ᠃ ᠲᠡᠷᠡ ᠪᠣᠯ ᠨᠢᠭᠡ ᠵᠦᠢᠯ ᠤᠨ ᠪᠠᠶᠠᠯᠢᠭ ᠠᠭᠤᠯᠭ᠎ᠠ ᠲᠠᠢ᠂ ᠤᠯᠠᠨ ᠶᠠᠩᠵᠤ ᠶᠢᠨ ᠬᠡᠯᠪᠡᠷᠢ ᠪᠦᠬᠦᠢ᠂ ᠤᠷᠠᠯᠢᠭ ᠤᠨ ᠦᠨᠳᠦᠷ ᠲᠦᠪᠰᠢᠨ ᠳ᠋ᠤ ᠬᠦᠷᠦᠭᠰᠡᠨ ᠤᠷᠠᠨ ᠵᠣᠬᠢᠶᠠᠯ᠂ ᠤᠷᠠᠯᠢᠭ᠂ ᠲᠤᠭᠯᠠᠭᠠᠮ ᠤᠨ ᠤᠷᠭᠠᠨᠢᠭ ᠨᠢᠭᠡᠳᠦᠯ ᠮᠦᠨ᠃ ᠮᠦᠨ ᠴᠦ ᠤᠷᠠᠯᠢᠭᠴᠢ ᠴᠢᠨᠠᠷ ᠪᠣᠯᠤᠨ ᠰᠣᠨᠢᠷᠬᠠᠯᠲᠤ ᠴᠢᠨᠠᠷ᠂ ᠮᠡᠳᠡᠯᠭᠡᠲᠦ ᠴᠢᠨᠠᠷ ᠪᠣᠯᠤᠨ ᠬᠦᠮᠦᠵᠢᠯᠲᠦ ᠴᠢᠨᠠᠷ᠂ ᠯᠣᠬᠢᠭᠲᠦ ᠴᠢᠨᠠᠷ ᠪᠣᠯᠤᠨ ᠰᠢᠨᠵᠢᠯᠡᠬᠦ ᠤᠬᠠᠭᠠᠨᠴᠢ ᠴᠢᠨᠠᠷ᠂ ᠲᠤᠭᠯᠠᠭᠠᠮᠲᠤ ᠴᠢᠨᠠᠷ ᠪᠣᠯᠤᠨ ᠦᠷᠢᠰᠦᠯᠳᠦᠭᠡᠨ ᠤ ᠴᠢᠨᠠᠷ ᠢ ᠬᠠᠷᠢᠯᠴᠠᠨ ᠤᠶᠠᠯᠳᠤᠭᠤᠯᠤᠭᠰᠠᠨ ᠤᠶᠤᠨ ᠢᠢᠡᠨ ᠰᠢᠯᠭᠠᠷᠠᠭᠤᠯᠬᠤ ᠤᠷᠠᠨ ᠦᠭᠡᠲᠡᠨ ᠤ ᠲᠡᠮᠡᠴᠡᠭᠡᠨ᠂ ᠤᠬᠠᠭᠠᠨ ᠢᠢᠡᠨ ᠮᠦᠷᠦᠢᠴᠡᠬᠦ ᠤᠶᠤᠨ ᠤ ᠲᠤᠭᠯᠠᠭᠠᠮ ᠮᠦᠨ᠃ |