摘要 |
ᠲᠤᠯᠤᠨᠨᠠᠭᠤᠷ ᠤᠨ ᠴᠢᠭᠤᠯᠭᠠᠨ ᠡᠴᠡ ᠡᠬᠢᠯᠡᠨ ᠴᠢᠩ ᠤᠨ ᠵᠠᠰᠠᠭ ᠤᠨ ᠭᠠᠵᠠᠷ ᠡᠴᠡ ᠬᠠᠯᠬ᠎ᠠ ᠶᠢᠨ ᠭᠤᠷᠪᠠᠨ ᠬᠠᠨ ᠠᠢ᠌ᠮᠠᠭ ᠲᠤ ᠬᠤᠰᠢᠭᠤ ᠴᠢᠭᠤᠯᠭᠠᠨ ᠤ ᠪᠠᠢ᠌ᠭᠤᠯᠤᠯ ᠢ ᠨᠡᠢ᠌ᠳᠡᠮ ᠬᠡᠷᠡᠭᠵᠢᠭᠦᠯᠵᠡᠢ᠃ ᠬᠠᠯᠬ᠎ᠠ ᠶᠢᠨ ᠭᠤᠷᠪᠠᠨ ᠬᠠᠨ ᠠᠢ᠌ᠮᠠᠭ ᠤᠨ ᠬᠤᠰᠢᠭᠤ ᠬᠤᠪᠢᠶᠠᠵᠤ ᠵᠠᠰᠠᠭ ᠪᠠᠢ᠌ᠭᠤᠯᠤᠭᠰᠠᠨ ᠨᠢ ᠭᠡᠷᠡᠰᠡᠨᠵᠠ ᠶᠢᠨ ᠲᠤᠯᠤᠭᠠᠨ ᠬᠦᠪᠡᠭᠦᠨ ᠡᠴᠡ(ᠲᠠᠷᠤᠢ16 ᠳ᠋ᠤᠭᠠᠷ ᠵᠠᠭᠤᠨ ᠤ ᠲᠤᠮᠳᠠᠴᠢ ᠪᠡᠷ)ᠡᠬᠢᠯᠡᠭᠰᠡᠨ᠃1655 ᠤᠨ ᠳᠤ ᠴᠢᠩ ᠤᠨ ᠵᠠᠰᠠᠭ ᠡᠴᠡ ᠬᠠᠯᠬ᠎ᠠ ᠳᠤ ᠨᠠᠢᠮᠠᠨ ᠶᠡᠬᠡ ᠵᠠᠰᠠᠭ ᠢ ᠲᠠᠬᠢᠨ ᠲᠤᠳᠤᠯᠠᠬᠤ ᠡᠴᠡ ᠡᠮᠦᠨ᠎ᠡ ᠪᠠ 1689 ᠤᠨ ᠳᠤ ᠵᠠᠰᠠᠭ ᠨᠡᠮᠡᠵᠦ ᠪᠠᠢ᠌ᠭᠤᠯᠬᠤ ᠦᠶ᠎ᠡ ᠳᠤ ᠰᠡᠴᠡᠨ ᠬᠠᠨ ᠠᠢ᠌ᠮᠠᠭ ᠲᠤ ᠡᠳᠦᠢ ᠲᠡᠳᠦᠢ ᠵᠠᠰᠠᠭ ᠪᠠᠢ᠌ᠭᠰᠠᠨ ᠨᠤᠶᠠᠳ ᠪᠠᠢ᠌ᠭᠰᠠᠨ᠃ ᠦᠭᠦᠯᠡᠯ ᠳᠤ ᠮᠤᠩᠭ᠋ᠤᠯ ᠬᠢᠳᠠᠳ ᠰᠤᠷᠪᠤᠯᠵᠢᠰ ᠢ ᠠᠰᠢᠭᠯᠠᠨ᠂ ᠲᠤᠯᠤᠨᠨᠠᠭᠤᠷ ᠤᠨ ᠴᠢᠭᠤᠯᠭᠠᠨ ᠡᠴᠡ ᠡᠮᠦᠨᠡᠬᠢ ᠰᠡᠴᠡᠨ ᠬᠠᠨ ᠠᠢ᠌ᠮᠠᠭ ᠤᠨ ᠵᠠᠰᠠᠭ ᠪᠠᠢ᠌ᠭᠰᠠᠨ ᠨᠤᠶᠠᠳ ᠲᠤ ᠰᠢᠨᠵᠢᠯᠡᠯ ᠬᠢᠪᠡ᠃ |