摘要 |
ᠮᠣᠷᠢ ᠨᠢ ᠮᠣᠩᠭ᠋ᠤᠯᠴᠤᠳ ᠤᠨ ᠵᠠᠩ ᠦᠢᠯᠡ᠂ᠠᠵᠦ ᠠᠮᠢᠳᠤᠷᠠᠯ᠂ᠠᠵᠢᠯ ᠦᠢᠯᠡᠳᠪᠦᠷᠢᠯᠠᠯ ᠵᠡᠷᠭᠡ ᠣᠯᠠᠨ ᠲᠠᠯ ᠠ ᠲᠠᠢ ᠬᠣᠯᠪᠤᠭᠳᠠᠭᠰᠠᠨ ᠡᠴᠡ ᠮᠣᠩᠭ᠋ᠤᠯᠴᠤᠳ ᠲᠤ ᠮᠣᠷᠢᠨ ᠤ ᠲᠣᠬᠠᠢ ᠣᠯᠠᠨ ᠠᠷᠪᠢᠨ ᠦᠯᠢᠭᠡᠷ ᠲᠤᠮᠤᠭ᠂ ᠲᠠᠭᠤᠤ ᠰᠢᠯᠦᠭ᠃ᠢᠷᠦᠭᠡᠯ ᠮᠠᠭᠲᠠᠭᠠᠯ ᠤᠳ ᠵᠣᠬᠢᠶᠠᠭᠳᠠᠨ ᠪᠦᠲᠦᠭᠡᠭᠳᠡᠭᠰᠡᠨ ᠪᠠᠢᠢᠨ᠌ ᠠ᠃ ᠮᠣᠩᠭ᠋ᠤᠯᠴᠤᠳ ᠤᠨ ᠮᠣᠷᠢᠨ ᠤ ᠲᠣᠬᠠᠢ ᠤᠯᠠᠮᠵᠢᠯᠠᠯᠲᠤ ᠢᠷᠦᠭᠡᠯ ᠮᠠᠭᠲᠠᠭᠠᠨ ᠳᠤ ᠨᠠᠢᠢᠷ ᠨᠠᠭᠠᠳᠤᠮ ᠤᠨ 《ᠮᠣᠷᠢᠨ ᠤ ᠴᠣᠯᠠ》ᠪᠠ 《ᠮᠣᠷᠢᠨ ᠤ ᠮᠠᠭᠲᠠᠭᠠᠯ》ᠭᠤᠤᠯᠳᠠᠵᠤ᠂ ᠮᠣᠷᠢᠨ ᠤ ᠲᠣᠬᠠᠢ ᠢᠷᠦᠭᠡᠯ ᠬᠠᠷᠢᠨ ᠬᠠᠷᠢᠴᠠᠩᠭ᠋ᠤᠢ ᠴᠦᠬᠡᠨ ᠪᠠᠢᠢᠳᠠᠭ ᠪᠦᠭᠡᠳ ᠨᠡᠡ ᠲᠠᠯ ᠠ ᠶᠢᠨ ᠰᠣᠳᠤᠯᠭᠠᠨ ᠬᠠᠷᠠᠬᠠᠨ ᠲᠦᠬᠡᠨ ᠪᠠᠢᠭᠰᠠᠭᠠᠷ ᠶᠣᠮ᠃ ᠲᠤᠰ ᠦᠭᠦᠯᠡᠯ ᠳᠤ ᠨᠡᠢᠢᠲᠡ ᠮᠣᠩᠭ᠋ᠤᠯᠴᠤᠳ ᠤᠨ ᠲᠤᠮᠳᠠ ᠡᠷᠲᠡᠨ ᠡᠴᠡ ᠤᠯᠠᠮᠵᠢᠯᠠᠨ ᠲᠠᠷᠬᠠᠭᠰᠠᠨ ᠮᠣᠡᠢ ᠲᠠᠢ ᠬᠣᠯᠪᠤᠭᠳᠠᠭᠰᠠᠨ ᠴᠢᠬᠤᠯᠠ ᠬᠡᠳᠦᠨ ᠢᠷᠦᠭᠡᠯ ᠢ ᠲᠣᠬᠠᠢ ᠶᠢᠨ ᠵᠠᠩ ᠦᠢᠯᠡ ᠲᠠᠢ ᠨᠢ ᠬᠣᠯᠪᠤᠭᠳᠠᠭᠤᠯᠤᠨ ᠢᠷᠦᠭᠷᠯ ᠤᠨ ᠤᠳᠬ ᠠ ᠤᠴᠢᠷ ᠢ ᠰᠢᠨᠵᠢᠯᠡᠬᠦ ᠵᠢ ᠵᠣᠷᠢᠪᠠ᠃ |