题名 |
ᠡᠪᠡᠰᠦᠲᠦ ᠲᠠᠯ᠎ᠠ ᠶᠢᠨ ᠬᠤᠵᠢᠷᠰᠢᠯ ᠤᠨ ᠡᠪᠡᠷᠲᠦ ᠭᠡᠷᠡᠰᠦ ᠶᠢᠨ ᠭᠠᠵᠠᠷ ᠳᠡᠭᠡᠷᠡᠬᠢ ᠬᠡᠰᠡᠭ ᠬᠢᠭᠡᠳ ᠦᠨᠳᠦᠰᠦᠨ ᠦ ᠤᠷᠭᠤᠯᠲᠠ ᠳᠤ ᠦᠵᠡᠭᠦᠯᠬᠦ ᠨᠦᠯᠦᠭᠡᠯᠡᠯ |
作者 |
ᠪᠠᠢ ᠬᠤᠩ ᠰᠢᠶᠠ; ᠰᠡᠴᠡᠨᠪᠠᠭᠠᠲᠤᠷ |
关键词 |
ᠡᠪᠡᠰᠦᠲᠦ ᠲᠠᠯ᠎ᠠ; ᠬᠤᠵᠢᠷᠰᠢᠯ; ᠡᠪᠡᠷᠲᠦ ᠭᠡᠷᠡᠰᠦ |
摘要 |
ᠡᠪᠡᠰᠦᠲᠦ ᠲᠠᠯ᠎ᠠ ᠶᠢᠨ ᠬᠤᠵᠢᠷᠰᠢᠯ ᠤᠨ ᠡᠪᠡᠷᠲᠦ ᠭᠡᠷᠡᠰᠦ ᠶᠢᠨ ᠭᠠᠵᠠᠷ ᠳᠡᠭᠡᠷᠡᠬᠢ ᠬᠡᠰᠡᠭ ᠬᠢᠭᠡᠳ ᠦᠨᠳᠦᠰᠦᠨ ᠦ ᠤᠷᠭᠤᠯᠲᠠ ᠳᠤ ᠦᠵᠡᠭᠦᠯᠬᠦ ᠨᠦᠯᠦᠭᠡ ᠶᠢ ᠰᠢᠨᠵᠢᠯᠡᠪᠡ᠃ ᠲᠤᠷᠰᠢᠯᠲᠠ ᠶᠢᠨ ᠦᠷ᠎ᠡ ᠳ᠋ᠦᠩ ᠬᠠᠷᠠᠭᠤᠯᠤᠭᠰᠠᠨ ᠨᠢ᠄ ᠡᠪᠡᠷᠲᠦ ᠭᠡᠷᠡᠰᠦ ᠶᠢᠨ ᠭᠠᠵᠠᠷ ᠳᠡᠭᠡᠷᠡᠬᠢ ᠬᠡᠰᠡᠭ ᠬᠢᠭᠡᠳ ᠦᠨᠳᠦᠰᠦᠨ ᠦ ᠤᠷᠭᠤᠯᠲᠠ ᠨᠢ ᠡᠪᠡᠰᠦᠲᠦ ᠲᠠᠯ᠎ᠠ ᠶᠢᠨ ᠬᠤᠵᠢᠷᠰᠢᠬᠤ ᠬᠡᠮᠵᠢᠶᠡᠨ ᠦ ᠨᠡᠮᠡᠭᠳᠡᠬᠦ ᠶᠢ ᠳᠠᠭᠠᠯᠳᠤᠨ ᠤᠷᠢᠳᠠᠪᠠᠷ ᠳᠡᠭᠡᠭᠰᠢᠯᠡᠵᠦ ᠬᠤᠢᠨ᠎ᠠ ᠨᠢ ᠳᠤᠷᠤᠭᠰᠢᠯᠠᠬᠤ ᠬᠠᠨᠳᠤᠰᠢ ᠲᠠᠢ ᠪᠠᠢᠨ᠎ᠠ᠃ ᠡᠪᠡᠰᠦᠲᠦ ᠲᠠᠯ᠎ᠠ ᠶᠢᠨ ᠬᠤᠵᠢᠷᠰᠢᠯ ᠨᠢ ᠲᠤᠭᠲᠠᠭᠰᠠᠨ ᠬᠡᠪᠴᠢᠶᠡᠨ ᠳᠦ ᠡᠪᠡᠷᠲᠦ ᠭᠡᠷᠡᠰᠦ ᠶᠢᠨ ᠭᠠᠵᠠᠷ ᠳᠡᠭᠡᠷᠡᠬᠢ ᠬᠡᠰᠡᠭ ᠬᠢᠭᠡᠳ ᠦᠨᠳᠦᠰᠦᠨ ᠦ ᠤᠷᠭᠤᠯᠲᠠ ᠶᠢ ᠠᠭᠢᠭᠤᠯᠬᠤ ᠦᠢᠯᠡᠳᠦᠯ ᠲᠡᠢ᠃ ᠡᠭᠦᠨ ᠳᠦ᠂ ᠤᠷᠭᠤᠯᠲᠠ ᠪᠠᠷ ᠬᠠᠮᠤᠭ ᠤᠨ ᠰᠠᠢᠨ ᠨᠢ ᠦᠯᠢᠭᠡᠷ ᠭᠠᠵᠠᠷ 3 ᠳᠡᠭᠡᠷ᠎ᠡ ᠤᠷᠭᠤᠭᠰᠠᠨ ᠡᠪᠡᠷᠲᠦ ᠭᠡᠷᠡᠰᠦ ᠪᠤᠯᠤᠨ᠎ᠠ᠃ ᠲᠡᠭᠦᠨ ᠦ ᠭᠠᠵᠠᠷ ᠳᠡᠭᠡᠷᠡᠬᠢ ᠬᠡᠰᠡᠭ ᠦᠨ ᠨᠤᠢᠲᠠᠨ ᠬᠦᠨᠳᠦ ᠬᠢᠭᠡᠳ ᠬᠠᠳᠠᠮᠠᠯ ᠬᠦᠨᠳᠦ ᠨᠢ ᠲᠤᠰ ᠪᠦᠷᠢ 6.42g/ ᠰᠠᠭᠤᠷᠢ ᠬᠢᠭᠡᠳ 0.747g/ᠰᠠᠭᠤᠷᠢ ᠪᠠᠢᠵᠤ᠂ ᠦᠯᠢᠭᠡᠷ ᠭᠠᠵᠠᠷ 1 ᠳᠡᠭᠡᠷ᠎ᠡ ᠤᠷᠭᠤᠭᠰᠠᠨ ᠡᠪᠡᠷᠲᠦ ᠭᠡᠷᠡᠰᠦ ᠶᠢᠨ ᠬᠦᠨᠳᠦ ᠡᠴᠡ 3.51 ᠳᠠᠬᠢᠨ ᠪᠠ 2.81 ᠳᠠᠬᠢᠨ ᠢᠶᠠᠷ ᠨᠡᠮᠡᠭᠳᠡᠪᠡ᠃ ᠦᠨᠳᠦᠰᠦᠨ ᠦ ᠨᠤᠢᠲᠠᠨ ᠬᠦᠨᠳᠦ ᠬᠢᠭᠡᠳ ᠬᠠᠳᠠᠮᠠᠯ ᠬᠦᠨᠳᠦ ᠨᠢ ᠲᠤᠰ ᠪᠦᠷᠢ 0.171g/ ᠰᠠᠭᠤᠷᠢ ᠬᠢᠭᠡᠳ 0.037g/ ᠰᠠᠭᠤᠷᠢ ᠪᠠᠢᠵᠤ᠂ ᠦᠯᠢᠭᠡᠷ ᠭᠠᠵᠠᠷ 1 ᠳᠡᠭᠡᠷ᠎ᠡ ᠤᠷᠭᠤᠭᠰᠠᠨ ᠡᠪᠡᠷᠲᠦ ᠭᠡᠷᠡᠰᠦ ᠶᠢᠨ ᠦᠨᠳᠦᠰᠦᠨ ᠦ ᠬᠦᠨᠳᠦ ᠡᠴᠡ 3.61 ᠳᠠᠬᠢᠨ ᠪᠠ 1.31 ᠳᠠᠬᠢᠨ ᠢᠶᠠᠷ ᠨᠡᠮᠡᠭᠳᠡᠪᠡ᠃ ᠭᠡᠪᠡᠴᠦ ᠡᠪᠡᠰᠦᠲᠦ ᠲᠠᠯ᠎ᠠ ᠶᠢᠨ ᠬᠦᠨᠳᠦ ᠨᠤᠴᠢᠲᠠᠢ ᠬᠤᠵᠢᠷᠰᠢᠯ ᠨᠢ ᠡᠪᠡᠷᠲᠦ ᠭᠡᠷᠡᠰᠦ ᠶᠢᠨ ᠤᠷᠭᠤᠯᠲᠠ ᠶᠢ ᠬᠢᠵᠠᠭᠠᠷᠯᠠᠨ᠂ ᠦᠯᠢᠭᠡᠷ ᠭᠠᠵᠠᠷ 4 ᠳᠡᠭᠡᠷ᠎ᠡ ᠤᠷᠭᠤᠭᠰᠠᠨ ᠡᠪᠡᠷᠲᠦ ᠭᠡᠷᠡᠰᠦ ᠶᠢᠨ ᠭᠠᠵᠠᠷ ᠳᠡᠭᠡᠷᠡᠬᠢ ᠬᠡᠰᠡᠭ ᠦᠨ ᠨᠤᠢᠲᠠᠨ ᠬᠦᠨᠳᠦ ᠬᠢᠭᠡᠳ ᠬᠠᠳᠠᠮᠠᠯ ᠬᠦᠨᠳᠦ ᠨᠢ ᠦᠯᠢᠭᠡᠷ ᠭᠠᠵᠠᠷ 3 ᠳᠡᠭᠡᠷ᠎ᠡ ᠤᠷᠭᠤᠭᠰᠠᠨ ᠡᠪᠡᠷᠲᠦ ᠭᠡᠷᠡᠰᠦ ᠡᠴᠡ 85.3% ᠬᠢᠭᠡᠳ 80.3% ᠪᠠᠷ ᠳᠤᠷᠤᠭᠰᠢᠯᠠᠪᠠ᠃ ᠦᠯᠢᠭᠡᠷ ᠭᠠᠵᠠᠷ 1 ᠡᠴᠡ ᠦᠯᠢᠭᠡᠷ ᠭᠠᠵᠠᠷ 3 ᠬᠦᠷᠲᠡᠯ᠎ᠡ᠂ ᠬᠤᠵᠢᠷᠰᠢᠬᠤ ᠬᠡᠮᠵᠢᠶ᠎ᠡ ᠶᠢᠨ ᠨᠡᠮᠡᠭᠳᠡᠬᠦ ᠶᠢ ᠳᠠᠭᠠᠯᠳᠤᠨ ᠡᠪᠡᠷᠲᠦ ᠭᠡᠷᠡᠰᠦ ᠶᠢᠨ ᠮᠢᠬᠠᠯᠢᠭᠵᠢᠬᠤ ᠬᠡᠮᠵᠢᠶ᠎ᠡ ᠨᠢ ᠨᠡᠮᠡᠭᠳᠡᠨ᠂ ᠭᠠᠵᠠᠷ ᠳᠡᠭᠡᠷᠡᠬᠢ ᠬᠡᠰᠡᠭ ᠦᠨ ᠮᠢᠬᠠᠯᠢᠭᠵᠢᠭᠰᠠᠨ ᠬᠡᠮᠵᠢᠶ᠎ᠡ ᠨᠢ 20.3% ᠪᠠᠷ ᠨᠡᠮᠡᠭᠳᠡᠵᠦ᠂ ᠦᠨᠳᠦᠰᠦᠨ ᠦ ᠮᠢᠬᠠᠯᠢᠭᠵᠢᠭᠰᠠᠨ ᠬᠡᠮᠵᠢᠶ᠎ᠡ ᠨᠢ 96% ᠪᠠᠷ ᠨᠡᠮᠡᠭᠳᠡᠪᠡ᠃ ᠡᠨᠡ ᠨᠢ ᠡᠪᠡᠷᠲᠦ ᠭᠡᠷᠡᠰᠦ ᠶᠢᠨ ᠭᠠᠵᠠᠷ ᠳᠡᠭᠡᠷᠡᠬᠢ ᠬᠡᠰᠡᠭ ᠬᠢᠭᠡᠳ ᠦᠨᠳᠦᠰᠦ ᠨᠢ ᠪᠦᠷ ᠮᠢᠬᠠᠯᠢᠭᠵᠢᠬᠤ ᠬᠡᠯᠪᠡᠷᠢ ᠪᠡᠷ ᠬᠤᠵᠢᠷᠯᠢᠭ ᠣᠷᠴᠢᠨ ᠲᠤᠭᠤᠷᠢᠨ ᠳᠤ ᠵᠤᠬᠢᠴᠠᠳᠠᠭ ᠭᠡᠰᠡᠨ ᠢ ᠬᠠᠷᠠᠭᠤᠯᠪᠠ᠃ |
原文 |
没有原文
|
出自 |
内蒙古师范大学学报(自然科学蒙古文版)
2013年
第1期
|