摘要 |
ᠬᠦᠮᠦᠨ ᠦ ᠡᠷᠭᠡ ᠠᠩᠬ᠎ᠠ ᠨᠢ ᠦᠷᠦᠨᠡᠳᠡᠬᠢᠨ ᠦ ᠨᠡᠢ᠌ᠭᠡᠮ ᠳᠤ ᠪᠤᠢ ᠪᠤᠯᠪᠠ᠂ ᠬᠦᠮᠦᠨ ᠦ ᠡᠷᠭᠡ ᠶᠢᠨ ᠦᠵᠡᠯ ᠰᠠᠨᠠᠭ᠎ᠠ ᠶᠢ ᠲᠤᠷᠠᠳᠤᠨ ᠭᠠᠷᠭᠠᠵᠤ᠂ ᠬᠠᠤᠯᠢᠵᠢᠭᠤᠯᠤᠯᠭᠰᠠᠨ ᠶᠠᠪᠤᠳᠠᠯ ᠪᠤᠯ ᠦᠷᠦᠨᠡᠳᠡᠬᠢᠨ ᠦ ᠨᠡᠢ᠌ᠭᠡᠮ ᠤᠨ ᠬᠦᠮᠦᠨ ᠲᠦᠷᠦᠯᠬᠢᠳᠡᠨ ᠦ ᠤᠯᠤᠰ ᠲᠦᠷᠦ ᠬᠠᠤᠯᠢ ᠴᠠᠭᠠᠵᠠ ᠶᠢᠨ ᠪᠤᠯᠪᠠᠰᠤᠨ ᠦ ᠬᠦᠭ᠍ᠵᠢᠯᠳᠡ ᠳᠤ ᠦᠵᠡᠭᠦᠯᠦᠭᠰᠡᠨ ᠨᠠᠮᠠᠷᠢ ᠬᠠᠨᠳᠢᠪ ᠪᠤᠯᠤᠨ᠎ᠠ᠃ ᠦᠷᠦᠨᠡᠳᠡᠬᠢᠨ ᠦ ᠬᠦᠮᠦᠨ ᠦ ᠡᠷᠭᠡ ᠶᠢᠨ ᠪᠤᠢ ᠪᠤᠯᠤᠭᠰᠠᠨ ᠦ ᠳᠠᠷᠠᠭ᠎ᠠ᠂ ᠠᠳᠠᠯᠢ ᠪᠤᠰᠤ ᠬᠦᠭ᠍ᠵᠢᠯᠳᠡ ᠶᠢᠨ ᠱᠠᠳᠤ ᠶᠢ ᠦᠩᠭᠡᠷᠡᠭᠡᠪᠡ᠃ ᠦᠷᠦᠨᠡᠳᠡᠬᠢᠨ ᠦ ᠬᠦᠮᠦᠨ ᠦ ᠡᠷᠭᠡ ᠶᠢᠨ ᠳᠡᠦᠬᠡ ᠶᠢ ᠰᠤᠳᠤᠯᠬᠤ ᠶᠠᠪᠤᠳᠠᠯ ᠮᠠᠨ ᠦ ᠤᠯᠤᠰ ᠤᠨ ᠨᠡᠢ᠌ᠭᠡᠮ ᠵᠢᠷᠤᠮᠲᠤ ᠠᠷᠠᠳᠴᠢᠯᠠᠯ ᠪᠠ ᠬᠠᠤᠯᠢ ᠲᠦᠷᠢᠮ ᠤᠨ ᠪᠠᠢ᠌ᠭᠤᠯᠤᠯᠲᠠ ᠳᠤ ᠴᠢᠬᠤᠯᠠ ᠠᠴᠢ ᠬᠤᠯᠪᠤᠭᠳᠠᠯ ᠲᠠᠢ ᠪᠠᠢ᠌ᠳᠠᠭ᠃ ᠳᠤᠰ ᠦᠭᠦᠯᠡᠯ ᠳᠤ ᠦᠷᠦᠨᠡᠳᠡᠬᠢᠨ ᠦ ᠬᠦᠮᠦᠨ ᠦ ᠡᠷᠭᠡ ᠶᠢᠨ ᠪᠤᠢ ᠪᠤᠯᠤᠭᠰᠠᠨ ᠂ ᠬᠦᠭ᠍ᠵᠢᠭᠰᠡᠨ ᠳᠡᠦᠬᠡᠨ ᠤᠯᠠ ᠮᠦᠷ ᠢ ᠬᠠᠢ᠌ᠨ ᠮᠦᠷᠳᠡᠵᠦ᠂ ᠵᠢᠮ ᠡ ᠶᠤᠰᠤ ᠶᠢ ᠢᠯᠡᠷᠡᠭᠦᠯᠬᠦ ᠪᠡᠷ ᠤᠷᠤᠯᠳᠤᠪᠠ᠃ |