论文信息


题名 ᠮᠣᠩᠭ᠋ᠤᠯ ᠪᠢᠴᠢᠭ᠌ ᠤᠨ ᠬᠡᠯᠡᠨ ᠤ ᠦᠰᠦᠭᠯᠡᠯ ᠤᠨ ᠰᠢᠰᠲ᠋ᠧᠮ ᠳᠡᠬᠢ ᠲᠡᠪᠢᠰᠭᠡᠷᠯᠡᠬᠦ ᠶᠣᠰᠤᠨ ᠤ ᠲᠣᠬᠠᠢ ᠦᠭᠦᠯᠡᠬᠦ ᠨᠢ
作者 ᠨ᠂ ᠰᠡᠴᠡᠨᠪᠠᠲᠤ
关键词 ᠮᠣᠩᠭ᠋ᠤᠯ ᠬᠡᠯᠡ; ᠪᠢᠴᠢᠭ᠌ ᠤᠨ ᠬᠡᠯᠡ; ᠲᠡᠪᠢᠰᠭᠡᠷ ᠵᠣᠬᠢᠴᠠᠬᠤ ᠶᠣᠰᠤᠨ
摘要 ᠮᠣᠩᠭ᠋ᠤᠯ ᠬᠡᠯᠡᠨ ᠤ ᠤᠨᠤᠯ ᠤᠨ ᠵᠠᠷᠢᠮ ᠨᠣᠮ  ᠳᠤ ᠡᠭᠡᠰᠢᠭ᠌ ᠬᠡᠢᠢᠭᠦᠯᠦᠭᠴᠢ ᠶᠢᠨ ᠲᠣᠬᠠᠢ ᠨᠠᠷᠢᠨ ᠲᠠᠢᠢᠯᠪᠤᠷᠢ ᠬᠢᠭ᠍ᠰᠡᠨ ᠪᠣᠯᠪᠠᠴᠤ ᠴᠠᠭᠠᠨ ᠲᠤᠯᠤᠭᠠᠢ ᠶᠢᠨ ᠭᠤᠷᠪᠠᠨ ᠤ ᠨᠢᠭᠡ ᠵᠢ ᠡᠵᠡᠯᠢᠬᠦ《 ᠲᠡᠪᠢᠰᠭᠡᠷ ᠦᠰᠦᠭ》 ᠢ ᠣᠷᠤᠭᠤᠯᠤᠭᠰᠠᠨ ᠦᠭᠡᠢ ᠣᠷᠬᠢᠭᠰᠠᠨ ᠨᠢ ᠲᠤᠩ ᠬᠠᠷᠠᠮᠰᠠᠯᠲᠠᠢ ᠪᠢᠯᠡ᠃ ᠭᠡᠲᠡᠯ ᠡ ᠤᠯᠠᠮᠵᠢᠯᠠᠯᠲᠤ ᠬᠡᠯᠡ ᠵᠦᠢ ᠶᠢᠨ ᠤᠤᠯ ᠡᠴᠡ ᠪᠠᠢᠢᠭᠰᠠᠨ ᠨᠡᠨ ᠬᠦ 《ᠲᠡᠪᠢᠰᠭᠡᠷ ᠦᠰᠦᠭ》 ᠭᠡᠬᠦ ᠲᠣᠮᠢᠶᠠᠯᠠᠯ ᠢ ᠡᠬᠡ ᠬᠡᠯᠡᠨ ᠤ ᠱᠠᠭᠠᠷᠳᠠᠯᠭ᠋ ᠠ ᠪᠡᠷ ᠵᠦᠪᠬᠡᠨ ᠪᠠᠭ᠋ ᠠ ᠰᠤᠷᠭᠠᠭᠤᠯᠢ ᠶᠢᠨ ᠬᠢᠴᠢᠶᠡᠯ ᠤᠨ ᠪᠢᠴᠢᠭ᠌ ᠲᠤ ᠣᠷᠤᠭᠤᠯᠤᠭᠰᠠᠨ ᠢ ᠭᠠᠷᠭᠠᠪᠠᠯ ᠪᠣᠰᠤᠳ ᠨᠣᠮ ᠪᠢᠴᠢᠭ᠌ ᠲᠤ ᠲᠡᠮᠡᠢ ᠲᠤᠷᠠᠳᠬᠤ ᠪᠠᠨ ᠪᠣᠯᠢᠭᠰᠠᠨ ᠪᠠᠢᠢᠳᠠᠭ᠃《ᠲᠡᠪᠢᠰᠭᠡᠷ ᠦᠰᠦᠭ》 ᠪᠣᠶᠣ ᠲᠡᠪᠢᠰᠭᠡᠷ ᠰᠣᠳᠣᠯᠣᠯ ᠢ ᠢᠩᠭᠢᠵᠦ ᠣᠷᠬᠢᠭᠳᠠᠭᠤᠯᠤᠭᠰᠠᠨ ᠰᠢᠨᠲᠠᠭᠠᠨ ᠢᠢᠡᠷ ᠮᠣᠩᠭ᠋ᠤᠯ ᠬᠡᠯᠡᠨ ᠤ ᠢᠵᠠᠭᠤᠷ ᠦᠨᠳᠦᠰᠦᠨ ᠳᠤ᠂ ᠠᠪᠢᠶ ᠠ ᠪᠣᠶᠠ ᠦᠶ ᠡ ᠨᠡᠮᠡᠭᠳᠡᠵᠦ ᠭᠡᠭᠡᠭᠳᠡᠬᠦ᠂ ᠢᠯᠠᠩᠭ᠋ᠤᠶ ᠠ《ᠨ᠌》ᠲᠡᠪᠢᠰᠭᠡᠷ ᠤᠨ ᠭᠡᠭᠡᠭ᠍ᠳᠡᠬᠦ᠂ ᠰᠡᠷᠭᠦ᠍ᠭ᠍ᠳᠡᠬᠦ᠂ ᠰᠣᠯᠢᠭᠳᠠᠬᠤ ᠪᠠ ᠣᠨᠳᠤᠤᠰᠢᠵᠤ ᠬᠤᠪᠢᠷᠠᠬᠤ ᠵᠡᠷᠭᠡ ᠲᠦᠷᠢᠮ ᠢ《ᠲᠡᠪᠢᠰᠭᠡᠷ ᠵᠣᠬᠢᠴᠠᠯ》 ᠢᠢᠡᠷ ᠦᠵᠡᠳᠡᠭ ᠦᠭᠡᠢ᠂ ᠬᠠᠷᠢᠨ《ᠣᠨᠴᠠᠭᠠᠢ ᠲᠦᠷᠢᠮ》ᠭᠡᠬᠦ ᠪᠣᠶᠣ《ᠵᠠᠷᠢᠮ ᠳᠠᠭᠠᠨ ᠴᠢᠩᠭᠢᠵᠦ ᠪᠠᠢᠢᠨ᠌ ᠠ》 ᠭᠡᠵᠦ ᠵᠠᠷᠢᠮᠳᠤᠭ ᠪᠣᠷᠤᠭᠤ ᠲᠠᠢᠢᠯᠪᠤᠷᠢ ᠬᠢᠵᠦ ᠪᠠᠢᠢᠳᠠᠭ ᠨᠢ ᠤᠴᠢᠷ ᠲᠣᠲᠠᠭᠳᠠᠯ ᠲᠠᠢ ᠰᠠᠨᠠᠭᠳᠠᠨ᠌ ᠠ᠃
原文 查看原文
出自 中国蒙古学 2012年 第5期

联系我们


内蒙古大学图书馆
呼和浩特市大学西路235号
中国·内蒙古
P: (0471) 4992561
E: huangfeilong@imu.edu.cn