摘要 |
ᠲᠤᠰ ᠦᠭᠦᠯᠡᠯ ᠳᠤ ᠾᠦᠩᠨᠦ ᠶᠢᠨ ᠨᠤᠶᠠᠷᠬᠠᠵᠤ ᠪᠠᠢ᠌ᠭᠰᠠᠨ ᠦᠨᠳᠦᠰᠦᠳᠡᠨ ᠮᠤᠩᠭ᠋ᠤᠯ ᠬᠡᠯᠡ ᠲᠠᠢ ᠭᠡᠰᠡᠨ ᠰᠤᠳᠤᠯᠭᠠᠨ ᠤ ᠳ᠋ᠦᠩ ᠭᠠᠷᠭᠠᠭᠰᠠᠨ ᠤᠷᠢᠳᠠᠯ ᠲᠤᠤᠷ᠎ᠠ᠂ ᠬᠢᠳᠠᠳ ᠲᠡᠦᠬᠡᠨ ᠰᠤᠷᠪᠤᠯᠵᠢ ᠪᠢᠴᠢᠭ᠌ ᠤᠨ ᠲᠡᠮᠳᠡᠭᠯᠡᠯ ᠢ ᠦᠨᠳᠦᠰᠦᠯᠡᠵᠦ᠂ ᠾᠦᠩᠨᠦ ᠴᠠᠨ ᠢᠦᠢ ᠶᠢᠨ ᠬᠠᠷᠢᠶᠠᠯᠠᠭᠳᠠᠳᠠᠭ ᠤᠪᠤᠭ ᠠᠢ᠌ᠮᠠᠭ ᠤᠨ ᠨᠡᠷ᠎ᠡ ᠶᠢ ᠰᠡᠷᠭᠦᠭᠡᠨ᠎ᠡ᠃ ᠾᠦᠩᠨᠦ ᠴᠠᠨ ᠢᠦᠢ ᠶᠢᠨ ᠤᠪᠤᠭ ᠠᠢ᠌ᠮᠠᠭ ᠤᠨ ᠨᠡᠷ᠎ᠡ ᠶᠢ ᠰᠡᠷᠭᠦᠭᠡᠨ ᠲᠠᠢ᠌ᠯᠪᠤᠷᠢᠯᠠᠬᠤ ᠳᠤ ᠬᠤᠯᠪᠤᠭᠳᠠᠬᠤ ᠠᠰᠠᠭᠤᠳᠠᠯ ᠮᠠᠰᠢ ᠤᠯᠠᠨ᠂᠃ ᠲᠤᠰ ᠦᠭᠦᠯᠡᠯ ᠢ ᠤᠢ᠌ᠯᠠᠭᠠᠮᠵᠢᠳᠠᠢ ᠪᠤᠯᠭᠠᠬᠤ ᠶᠢᠨ ᠲᠤᠰᠠᠳᠠ ᠲᠡᠦᠬᠡᠨ ᠬᠠᠷᠢᠴᠠᠭᠤᠯᠤᠭᠰᠠᠨ ᠠᠪᠢᠶᠠᠨ ᠵᠦᠢ ᠶᠢᠨ ᠠᠷᠭ ᠪᠡᠷ ᠡᠨᠡ ᠤᠪᠤᠭ ᠠᠢ᠌ᠮᠠᠭ ᠤᠨ ᠨᠡᠷ᠎ᠡ ᠶᠢ ᠰᠡᠷᠭᠦᠭᠡᠬᠦ ᠳᠤ ᠪᠠᠨ ᠵᠠᠷᠢᠮ ᠬᠤᠯᠪᠤᠭᠳᠠᠭᠰᠠᠨ ᠦᠭᠡᠰ ᠢ ᠴᠦ ᠰᠡᠷᠭᠦᠭᠡᠨ ᠲᠠᠢ᠌ᠯᠪᠤᠷᠢᠯᠠᠪᠠ᠃ |