题名 |
ᠲᠠᠢᠪᠤᠩ ᠴᠠᠬᠢᠯᠭᠠᠨ ᠰᠢᠷᠬᠡᠭᠲᠦ ᠮᠡᠷᠭᠡᠵᠢᠯ ᠢᠶᠡᠷ TiO2 ᠨᠠᠭᠤ᠋ ᠰᠢᠷᠬᠡᠭᠯᠢᠭ ᠢ ᠭᠠᠷᠭᠠᠨ ᠠᠪᠴᠤ ᠵᠢᠴᠢ ᠲᠡᠭᠦᠨ ᠦ ᠭᠡᠷᠡᠯ ᠲᠦᠷᠭᠡᠳᠭᠡᠬᠦ ᠴᠢᠨᠠᠷ ᠤᠨ ᠲᠤᠬᠠᠢ |
作者 |
ᠳᠠᠪᠬᠤᠷᠪᠠᠶᠠᠷ; ᠪᠤᠤ ᠯᠠᠨ |
关键词 |
ᠨᠠᠭᠤ᠋ TiO2 ᠤᠨ ᠰᠡᠷᠬᠡᠭᠯᠢᠭ; ᠲᠠᠢᠪᠤᠩ ᠴᠠᠬᠢᠯᠭᠠᠨ ᠰᠢᠷᠬᠡᠭᠲᠦ ᠮᠡᠷᠭᠡᠵᠢᠯ; ᠭᠡᠷᠡᠯ ᠲᠦᠷᠭᠡᠳᠭᠡᠬᠦ ᠰᠢᠨᠵᠢ ᠴᠢᠨᠠᠷ |
摘要 |
ᠪᠦᠬᠡᠮᠡᠨᠡᠷᠡᠯ ᠡᠲ᠋ᠧᠨ ᠫᠠᠷᠤᠯ ᠠᠯᠺᠠᠨ ᠺᠧᠲ᠋ᠤᠨ (PVP 1300000)᠂ ᠲᠢᠲ᠋ᠠᠨ ᠬᠦᠴᠢᠯ ᠦᠨ ᠳᠦᠷᠪᠡᠴᠢ ᠲᠦᠲ᠋ᠢᠯ ᠡᠰᠲ᠋ᠧᠷ (TBT)᠂ ᠼᠤᠤ ᠬᠦᠴᠢᠯ ᠪᠡ ᠡᠲ᠋ᠢᠯ ᠠᠯᠺᠤᠤᠯ ᠢᠶᠠᠷ ᠲᠦᠭᠦᠬᠡᠢ ᠡᠳ᠋ ᠪᠤᠯᠭᠠᠵᠤ ᠲᠠᠢᠪᠤᠩ ᠴᠠᠬᠢᠯᠭᠠᠨ ᠰᠢᠷᠬᠡᠭᠲᠦ ᠮᠡᠷᠭᠡᠵᠢᠯ ᠢ ᠠᠰᠢᠭᠯᠠᠨ᠂ PVP ᠪᠤᠯᠤᠨ TBT ᠋ ᠤᠨ ᠠᠳᠠᠯᠢ ᠪᠤᠰᠤ ᠠᠭᠤᠯᠤᠭᠳᠠᠴᠠ ᠲᠠᠢ PVP/TBT᠋ ᠤᠨ ᠨᠡᠢᠯᠡᠮᠡᠯ ᠨᠠᠭᠤ᠋ ᠰᠢᠷᠬᠡᠭᠯᠢᠭ ᠢ ᠭᠠᠷᠭᠠᠨ ᠠᠪᠬᠤ ᠶᠢᠨ ᠬᠠᠮᠲᠤ᠂ ᠦᠨᠳᠦᠷ ᠲᠤᠯᠭᠠᠭᠴᠠᠲᠤ ᠬᠠᠯᠭᠠᠯᠲᠠ ᠪᠠᠷ ᠳᠠᠮᠵᠢᠵᠤ᠂ ᠣᠭᠲᠤᠯᠤᠭᠠᠰᠤ ᠶᠢᠨ ᠲᠠᠯᠠᠪᠠᠢ ᠨᠢ ᠠᠳᠠᠯᠢ ᠪᠤᠰᠤ ᠶᠢᠨ ᠨᠠᠭᠤ᠋ ᠳᠡᠰ ᠦᠨ TiO2 ᠰᠢᠷᠬᠡᠭᠯᠢᠭ ᠢ ᠣᠯᠣᠭᠰᠠᠨ ᠪᠠᠢᠨ᠎ᠠ᠃ ᠪᠦᠲᠦᠭᠡᠭᠳᠡᠭᠦᠨ ᠦ ᠪᠦᠲᠦᠴᠡ ᠪᠡ ᠬᠡᠯᠪᠡᠷᠢ ᠳᠦᠷᠰᠦ ᠶᠢ XRD ᠪᠤᠯᠤᠨ SEM᠋ ᠤᠨ ᠮᠡᠷᠭᠡᠵᠢᠯ ᠢᠶᠡᠷ ᠳᠠᠮᠵᠢᠨ ᠨᠤᠲᠠᠯᠠᠯᠲᠠ ᠬᠢᠬᠦ ᠶᠢᠨ ᠬᠠᠮᠲᠤ᠂ ᠯᠦᠸᠧ ᠤᠨ ᠮᠢᠩ (RB) ᠢᠶᠠᠷ ᠪᠤᠵᠠᠷᠲᠤᠯ ᠪᠤᠳᠠᠰ ᠪᠤᠯᠭᠠᠨ ᠬᠦᠷᠢᠨ ᠦ ᠭᠠᠳᠠᠨᠠᠬᠢ ᠭᠡᠷᠡᠯ ᠳᠤᠰᠬᠠᠬᠤ ᠨᠦᠬᠦᠴᠡᠯ ᠳᠤᠤᠷ᠎ᠠ ᠭᠡᠷᠡᠯ ᠲᠦᠷᠭᠡᠳᠭᠡᠭᠦᠷ ᠦᠨ ᠰᠢᠨᠵᠢ ᠴᠢᠨᠠᠷ ᠤᠨ ᠰᠤᠳᠤᠯᠤᠯᠲᠠ ᠬᠢᠭᠰᠡᠨ ᠪᠠᠢᠨ᠎ᠠ᠃ ᠲᠤᠷᠰᠢᠯᠲᠠ ᠠᠴᠠ ᠮᠡᠳᠡᠬᠦ ᠨᠢ᠂ ᠨᠡᠢᠯᠡᠭᠦᠯᠦᠨ ᠪᠦᠲᠦᠭᠡᠭᠰᠡᠨ ᠨᠠᠭᠤ᠋ TiO2᠋ ᠤᠨ ᠰᠢᠷᠬᠡᠭᠯᠢᠭ ᠨᠢ ᠣᠨᠴᠠ ᠰᠠᠢᠨ ᠭᠡᠷᠡᠯ ᠲᠦᠷᠭᠡᠳᠭᠡᠭᠦᠷ ᠦᠨ ᠰᠢᠨᠵᠢ ᠴᠢᠨᠠᠷ ᠲᠠᠢ ᠪᠦᠭᠡᠳ ᠲᠡᠭᠦᠨ ᠦ ᠭᠡᠷᠡᠯ ᠲᠦᠷᠭᠡᠳᠭᠡᠭᠦᠷ ᠦᠨ ᠰᠢᠨᠵᠢ ᠴᠢᠨᠠᠷ ᠨᠢ ᠲᠦᠭᠦᠬᠡᠢ ᠡᠳ᠋ ᠲᠦ TBT᠋ ᠤᠨ ᠠᠭᠤᠯᠤᠭᠳᠠᠴᠠ ᠶᠢᠨ ᠪᠠᠭᠠᠰᠬᠤ ᠶᠢ ᠳᠠᠭᠠᠯᠳᠤᠨ ᠤᠯᠠᠮ ᠢᠶᠠᠷ ᠰᠠᠢᠵᠢᠷᠠᠬᠤ ᠶᠢ ᠣᠯᠵᠤ ᠮᠡᠳᠡᠭᠰᠡᠨ ᠪᠠᠢᠨ᠎ᠠ᠃ |
原文 |
没有原文
|
出自 |
内蒙古民族大学学报(自然科学)
2015年
第2期
|