摘要 |
ᠳᠡᠮᠡᠭᠡ ᠪᠤᠯ ᠨᠡᠭᠦᠳᠡᠯᠴᠢᠨ ᠤᠭᠰᠠᠭᠠᠳᠠᠨ ᠦ ᠳᠠᠪᠤᠨ ᠬᠤᠰᠢᠭᠤ ᠮᠠᠯ ᠤᠨ ᠨᠢᠭᠡ ᠨᠢ ᠪᠦᠭᠡᠳ ᠠᠷᠪᠠᠨ ᠬᠤᠶᠠᠷ ᠡᠷᠬᠡᠳᠡᠨ ᠦ ᠤᠨᠴᠠᠯᠢᠭ ᠤᠨ ᠭᠠᠭᠴᠠ ᠪᠡᠶ ᠡ ᠳᠡᠭᠡᠨ ᠪᠦᠷᠢᠯᠳᠦᠭᠦᠯᠦᠭᠰᠡᠨ᠂ ᠠᠷᠤ ᠭᠤᠪᠢ ᠶᠢᠨ ᠭᠠᠢ᠌ᠬᠠᠮᠰᠢᠭ ᠢ ᠭᠠᠩᠭᠠᠩ ᠲᠦᠷᠢ ᠳᠡᠭᠡᠨ ᠰᠢᠩᠭᠡᠭᠡᠭ᠍ᠰᠡᠨ ᠬᠤᠪᠤᠷ ᠴᠤᠬᠠᠭ ᠠᠮᠢᠳᠠᠨ ᠪᠤᠯᠤᠨ᠎ᠠ᠃ ᠮᠣᠩᠭ᠋ᠣᠯᠴᠤᠳ ᠡᠷᠳᠡᠨ ᠡᠴᠡ ᠳᠡᠮᠡᠭᠡ ᠶᠢ ᠤᠨᠤᠯᠭ᠎ᠠ᠂ ᠠᠶᠠᠨ ᠳᠡᠭᠡᠭᠡᠪᠦᠷᠢ᠂ ᠴᠡᠷᠢᠭ ᠲᠠᠢ᠌ᠨ᠂ ᠠᠪᠠ ᠠᠩᠨᠠᠯ᠂ ᠤᠷᠤᠰᠢᠭᠤᠯᠭ᠎ᠠ᠂ ᠪᠠᠶᠠᠷ ᠶᠤᠰᠤᠯᠠᠯ᠂ ᠠᠨᠵᠢᠰᠤᠨ ᠳᠤ ᠬᠦᠯᠵᠦ ᠲᠠᠷᠢᠶ ᠡ ᠲᠠᠷᠢᠬᠤ ᠂ ᠳᠡᠷᠭᠡ ᠳᠠᠳᠠᠭᠤᠯᠬᠤ᠂ ᠠᠯᠪᠠ ᠲᠤᠰᠢᠶᠠᠵᠤ ᠪᠡᠯᠡᠩ ᠪᠠᠷᠢᠬᠤ᠂ᠦᠵᠡᠰᠭᠦᠯᠡᠩ ᠤᠨ ᠵᠦᠢᠯᠡᠰ᠂ ᠵᠢᠷᠤᠮᠠᠯ ᠵᠢᠷᠤᠭ᠂ ᠠᠵᠤ ᠠᠬᠤᠢ ᠶᠢᠨ ᠶᠠᠪᠤᠯᠴᠠᠭ᠎ᠠ ᠪᠠ ᠰᠤᠶᠤᠯ ᠪᠤᠯᠪᠠᠰᠤᠨ ᠦ ᠰᠤᠯᠢᠯᠴᠠᠭ᠎ᠠ᠂ ᠱᠠᠩᠨᠠᠯ ᠪᠡᠯᠡᠭ ᠤᠨ ᠶᠤᠰᠤᠨ ᠳᠤ ᠬᠡᠷᠡᠭᠯᠡᠵᠦ ᠪᠠᠢ᠌ᠭᠰᠠᠨ ᠶᠤᠮ᠃ |