题名 |
ᠬᠢᠲᠠᠳ ᠡᠮ ᠦᠨ ᠡᠮᠲᠦ ᠪᠤᠳᠠᠰ ᠤᠨ ᠬᠦᠳᠡᠯᠭᠡᠬᠦ ᠬᠦᠴᠦᠨ ᠤᠬᠠᠭᠠᠨ ᠤ ᠰᠤᠳᠤᠯᠭ᠎ᠠ ᠶᠢ ᠬᠤᠷᠢᠶᠠᠩ᠋ᠭᠤᠢ᠌ᠯᠠᠨ ᠦᠭᠦᠯᠡᠬᠦ ᠨᠢ |
作者 |
ᠯᠢ ᠶᠢᠩ ᠬᠤᠤ; ᠪᠤᠤ ᠬᠦᠬᠡᠮᠦ᠋ᠴᠢᠷ; ᠰᠢᠦᠢ ᠯᠢᠶᠠᠩ |
关键词 |
ᠡᠮᠳᠦ ᠪᠤᠳᠠᠰ ᠤᠨ ᠬᠦᠳᠡᠯᠭᠡᠬᠦ ᠬᠦᠴᠦᠨ ᠤᠬᠠᠭᠠᠨ; ᠡᠮᠲᠦ ᠪᠤᠠᠳᠠᠰ ᠤᠨ ᠬᠦᠳᠡᠯᠭᠡᠬᠦ ᠬᠦᠴᠦᠨ ᠤᠬᠠᠭᠠᠨ ᠢ ᠰᠤᠳᠤᠯᠬᠤ ᠠᠷᠭ᠎ᠠ; ᠡᠮᠲᠦ ᠪᠤᠳᠠᠰ ᠤᠨ ᠬᠦᠳᠡᠯᠭᠡᠬᠦ ᠬᠦᠴᠦᠨ ᠤᠬᠠᠭᠠᠨ ᠤ ᠵᠠᠳᠠᠯᠤᠨ ᠰᠢᠨᠵᠢᠯᠡᠬᠦ ᠠᠷᠭ᠎ᠠ |
摘要 |
ᠡᠮᠲᠦ ᠪᠤᠳᠠᠰ ᠤᠨ ᠬᠦᠳᠡᠯᠭᠡᠬᠦ ᠬᠦᠴᠦᠨ ᠤᠬᠠᠭᠠᠨ ᠪᠤᠯ ᠰᠢᠨ᠎ᠡ ᠪᠡᠷ ᠦᠷᠨᠢᠭᠰᠡᠨ ᠨᠢᠭᠡ ᠲᠦᠷᠦᠯ ᠦᠨ ᠡᠮ ᠦᠨ ᠤᠬᠠᠭᠠᠨ ᠪᠤᠯᠤᠨ ᠲᠤᠭᠠᠨ ᠤ ᠬᠤᠭᠤᠷᠤᠨᠳᠤᠬᠢ ᠵᠠᠭᠠᠭ ᠤᠨ ᠰᠢᠨᠵᠢᠯᠡᠭᠡ ᠪᠤᠯᠤᠨ᠎ᠠ᠃ ᠡᠮᠲᠦ ᠪᠤᠳᠠᠰ ᠤᠨ ᠬᠦᠳᠡᠯᠭᠡᠬᠦ ᠬᠦᠴᠦᠨ ᠤᠬᠠᠭᠠᠨ ᠤ ᠰᠢᠨᠵᠢᠯᠡᠭᠡ ᠨᠢ ᠡᠮᠴᠢᠯᠡᠭᠡ ᠡᠴᠡ ᠡᠮᠦᠨᠡᠬᠢ ᠡᠮ ᠦᠨ ᠤᠬᠠᠭᠠᠨ ᠤ ᠰᠤᠳᠤᠯᠭᠠᠨ ᠤ ᠱᠠᠲᠤᠨ ᠳᠤ ᠴᠢᠬᠤᠯᠠ ᠦᠢᠯᠡᠳᠦᠯ ᠲᠡᠢ ᠪᠠᠷ ᠪᠠᠷᠠᠬᠤ ᠦᠭᠡᠢ᠂ ᠰᠢᠨ᠎ᠡ ᠡᠮ ᠪᠦᠲᠦᠭᠡᠬᠦ ᠪᠦᠬᠦᠢ᠌ᠯᠡ ᠱᠠᠲᠤᠨ ᠳᠤ ᠴᠦᠮ ᠲᠤᠢ᠌ᠯ ᠤᠨ ᠴᠢᠬᠤᠯᠠ ᠦᠢᠯᠡᠳᠦᠯ ᠲᠡᠢ ᠪᠠᠢ᠌ᠳᠠᠭ᠃ ᠡᠮᠲᠦ ᠪᠤᠳᠠᠰ ᠤᠨ ᠬᠦᠳᠡᠯᠭᠡᠬᠦ ᠬᠦᠴᠦᠨ ᠦ ᠤᠬᠠᠭᠠᠨ ᠤ ᠰᠤᠳᠤᠯᠭᠠᠨ ᠤ ᠠᠷᠭ᠎ᠠ ᠳᠤ ᠭᠤᠤᠯᠳᠠᠭᠤ ᠪᠡᠶ᠎ᠡ ᠳᠤᠲᠤᠷᠠᠬᠢ ᠡᠮ ᠦᠨ ᠦᠳᠭᠡᠴᠡ ᠶᠢ ᠬᠡᠮᠵᠢᠬᠦ ᠠᠷᠭ᠎ᠠ᠂ ᠠᠮᠢᠲᠤ ᠪᠤᠳᠠᠰ ᠤᠨ ᠦᠢᠯᠡᠴᠢᠯᠡᠭᠡ ᠶᠢᠨ ᠠᠷᠭ᠎ᠠ᠂ ᠡᠮᠲᠦ ᠪᠤᠳᠠᠰ ᠨ ᠬᠦᠳᠡᠯᠭᠡᠬᠦ ᠬᠦᠴᠦᠨ ᠤᠬᠠᠭᠠᠨ ᠤ ᠬᠡᠮᠵᠢᠯᠲᠡ ᠶᠢᠨ ᠠᠷᠭ᠎ᠠ ᠵᠡᠷᠭᠡ ᠪᠤᠢ᠃ ᠡᠮᠲᠦ ᠪᠤᠠᠳᠠᠰ ᠤᠨ ᠬᠦᠳᠡᠯᠭᠡᠬᠦ ᠬᠦᠴᠦᠨ ᠤᠬᠠᠭᠠᠨ ᠤ ᠬᠡᠮᠵᠢᠯᠲᠡ ᠶᠢᠨ ᠠᠷᠭ᠎ᠠ ᠳᠤ ᠭᠤᠤᠯᠳᠠᠭᠤ ᠭᠡᠷᠡᠯ ᠵᠢᠭ᠌ᠰᠠᠯ ᠤᠨ ᠠᠷᠭ᠎ᠠ᠂ ᠨᠢᠮᠬᠡᠨ ᠳᠠᠪᠬᠤᠷᠭ᠎ᠠ ᠶᠢᠨ ᠰᠢᠷᠪᠢᠯᠲᠡ ᠶᠢᠨ ᠠᠷᠭ᠎ᠠ᠂ ᠦᠨᠳᠦᠷ ᠳᠠᠷᠤᠴᠠᠲᠤ ᠰᠢᠩᠭᠡᠨ ᠲᠦᠯᠦᠪ ᠦᠨ ᠠᠷᠭ᠎ᠠ᠂ ᠬᠡᠢ ᠲᠦᠯᠦᠪᠲᠦ ᠦᠩᠭᠡ ᠶᠢᠨ ᠵᠢᠭ᠌ᠰᠠᠯ ᠤᠨ ᠠᠷᠭ᠎ᠠ᠂ ᠴᠡᠭᠡᠨ ᠭᠡᠷᠡᠯ ᠦᠨ ᠠᠷᠭ᠎ᠠ᠂ ᠬᠡᠢ ᠲᠦᠯᠦᠪ — ᠮᠡᠰ ᠦᠨ ᠬᠠᠮᠲᠤᠠᠭᠤᠯᠤᠨ ᠬᠡᠷᠡᠭᠯᠡᠬᠦ ᠠᠷᠭ᠎ᠠ᠂ ᠠᠲ᠋ᠤᠮ ᠤᠨ ᠰᠢᠩᠭᠡᠭᠡᠯᠲᠡ ᠶᠢᠨ ᠠᠷᠭ᠎ᠠ ᠵᠡᠷᠭᠡ ᠪᠠᠢ᠋ᠳᠠᠭ᠃ ᠪᠢᠳᠡ᠂ ᠳᠡᠭᠡᠷᠡᠬᠢ ᠬᠡᠳᠦᠨ ᠵᠤᠢ᠌ᠯ ᠤᠨ ᠰᠤᠳᠤᠯᠭᠠᠨ ᠤ ᠠᠷᠭ᠎ᠠ ᠶᠢᠨ ᠰᠤᠳᠤᠯᠭ᠎ᠠ ᠶᠢ ᠦᠨᠳᠦᠰᠦᠯᠡᠨ᠂ ᠬᠢᠲᠠᠳ ᠡᠮ ᠦᠨ ᠡᠮ ᠦᠨ ᠰᠤᠯᠢᠯᠴᠠᠭᠠᠨ ᠤ ᠬᠦᠳᠡᠯᠭᠡᠬᠦ ᠬᠦᠴᠦᠨ ᠤᠬᠠᠭᠠᠨ ᠳᠤ ᠰᠠᠭᠤᠷᠢ ᠴᠢᠨᠠᠷ ᠲᠠᠢ ᠬᠤᠷᠢᠶᠠᠩ᠋ᠭᠤᠢ ᠦᠭᠦᠯᠡᠯᠲᠡ ᠬᠢᠪᠡ᠃ |
原文 |
查看原文
|
出自 |
内蒙古民族大学学报(自然科学)
2012年
第1期
|