题名 |
《ᠴᠢᠩᠭᠢᠰ ᠬᠠᠭᠠᠨ ᠤ ᠨᠠᠢᠮᠠᠨ ᠴᠠᠭᠠᠨ ᠤᠷᠳᠤ》ᠴᠤᠪᠤᠷᠠᠯ ᠪᠢᠴᠢᠭ᠌ ᠢ ᠲᠠᠨᠢᠯᠴᠠᠭᠤᠯᠬᠤ ᠨᠢ —— 《ᠴᠢᠩᠭᠢᠰ ᠬᠠᠭᠠᠨ ᠤ ᠠᠯᠳᠠᠨ ᠪᠢᠴᠢᠭ᠌》 ᠤᠨ ᠪᠢᠴᠢᠭ᠍ᠳᠡᠵᠦ ᠵᠠᠰᠠᠭᠳᠠᠭᠰᠠᠨ ᠪᠠ ᠠᠷᠢᠭᠤᠳᠬᠠᠨ ᠲᠤᠩᠭ᠋ᠠᠭᠰᠠᠨ ᠲᠤᠢ᠌ᠮᠤ |
作者 |
ᠪᠠᠨᠽᠠᠷ; ᠪᠤᠶᠠᠨ; ᠨᠠᠰᠤᠨ᠋ᠡᠦ᠋ᠯᠵᠡᠢ; ᠠᠭᠤᠯᠠ |
关键词 |
ᠴᠢᠩᠭᠢᠰ ᠬᠠᠭᠠᠨ; ᠠᠯᠳᠠᠨ ᠪᠢᠴᠢᠭ᠌; ᠠᠷᠢᠭᠤᠳᠬᠠᠨ ᠲᠤᠩᠭ᠋ᠠᠬᠤ |
摘要 |
《ᠴᠢᠩᠭᠢᠰ ᠬᠠᠭᠠᠨ ᠤ ᠨᠠᠢᠮᠠᠨ ᠴᠠᠭᠠᠨ ᠤᠷᠳᠤ》ᠴᠤᠪᠤᠷᠠᠯ ᠪᠢᠴᠢᠭ᠌ ᠲᠤ《ᠴᠢᠩᠭᠢᠰ ᠬᠠᠭᠠᠨ ᠤ ᠨᠠᠢᠮᠠᠨ ᠴᠠᠭᠠᠨ ᠤᠷᠳᠤ》᠂《ᠴᠢᠩᠭᠢᠰ ᠬᠠᠭᠠᠨ ᠤ ᠨᠠᠢᠮᠠᠨ ᠴᠠᠭᠠᠨ ᠤᠷᠳᠤ ᠪᠤᠯᠤᠨ ᠤᠷᠳᠤᠰᠴᠤᠳ》᠂《ᠴᠢᠩᠭᠢᠰ ᠬᠠᠭᠠᠨ ᠤ ᠠᠯᠳᠠᠨ ᠪᠢᠴᠢᠭ᠌》ᠵᠡᠷᠭᠡ ᠭᠤᠷᠪᠠᠨ ᠨᠤᠮ ᠪᠠᠭᠳᠠᠳᠠᠭ᠃ ᠡᠨᠡᠬᠦ ᠭᠤᠷᠪᠠᠨ ᠨᠤᠮ ᠨᠢ ᠠᠳᠠᠯᠢ ᠪᠤᠰᠤ ᠲᠠᠯ᠎ᠠ ᠡᠴᠡ ᠴᠢᠩᠭᠢᠰ ᠬᠠᠭᠠᠨ ᠤ ᠨᠠᠢᠮᠠᠨ ᠴᠠᠭᠠᠨ ᠤᠷᠳᠤ ᠶᠢ ᠰᠠᠬᠢᠨ ᠬᠠᠮᠠᠭᠠᠯᠠᠵᠤ᠂ ᠲᠠᠢ᠌ᠯᠭ᠎ᠠ ᠲᠠᠬᠢᠯᠭ᠎ᠠ ᠶᠢ ᠡᠷᠬᠢᠯᠡᠨ ᠶᠠᠪᠤᠭᠳᠠᠭᠤᠯᠵᠤ ᠪᠠᠢ᠌ᠭᠰᠠᠨ ᠪᠠᠢ᠌ᠳᠠᠯ ᠢ ᠲᠤᠰᠬᠠᠨ ᠲᠡᠮᠳᠡᠭᠯᠡᠵᠡᠢ᠃ ᠡᠭᠦᠨ ᠳᠤ《ᠴᠢᠩᠭᠢᠰ ᠬᠠᠭᠠᠨ ᠤ ᠠᠯᠳᠠᠨ ᠪᠢᠴᠢᠭ᠌》 ᠪᠤᠯ ᠦᠭᠡᠳᠡᠢ ᠬᠠᠭᠠᠨ ᠤ ᠦᠶ᠎ᠡ ᠳᠤ ᠲᠤᠩᠭ᠋ᠠᠭᠳᠠᠭᠰᠠᠨ ᠴᠢᠩᠭᠢᠰ ᠬᠠᠭᠠᠨ ᠤ ᠨᠠᠢᠮᠠᠨ ᠴᠠᠭᠠᠨ ᠤᠷᠳᠤ ᠶᠢᠨ ᠲᠠᠢ᠌ᠯᠭ᠎ᠠ ᠲᠠᠬᠢᠯᠭ᠎ᠠ ᠪᠡᠷ ᠭᠤᠤᠯ ᠠᠭᠤᠯᠭ᠎ᠠ ᠪᠠᠨ ᠪᠤᠯᠭᠠᠭᠰᠠᠨ ᠲᠤᠯᠭᠤᠷ ᠪᠢᠴᠢᠭ᠌ ᠤᠨ ᠡᠮᠬᠢᠳᠭᠡᠯ ᠪᠤᠯᠤᠨ᠎ᠠ᠃ ᠲᠤ ᠨᠤᠮ ᠪᠢᠴᠢᠭ᠍ᠳᠡᠭᠰᠡᠨ ᠡᠴᠡ ᠬᠤᠢ᠌ᠰᠢ ᠬᠤᠪᠢᠯᠠᠢ ᠰᠡᠴᠡᠨ ᠬᠠᠭᠠᠨ ᠪᠠ ᠪᠠᠳᠤᠯᠦ᠋ᠩᠬᠡ ᠲᠠᠶᠠᠨ ᠬᠠᠭᠠᠨ ᠤ ᠦᠶ᠎ᠡ ᠳᠤ ᠬᠤᠠᠶᠷ ᠤᠳᠬ᠎ᠠ ᠨᠦᠬᠦᠪᠦᠷᠢᠯᠡᠭᠳᠡᠨ ᠵᠠᠰᠠᠭᠳᠠᠵᠤ ᠦᠩᠭᠡᠷᠡᠭᠰᠡᠨ ᠶᠢᠡᠷ ᠪᠠᠷᠠᠬᠤ ᠦᠭᠡᠢ ᠤᠷᠢᠳ ᠬᠤᠵᠢᠳ ᠨᠡᠢ᠌ᠳᠡ ᠲᠠᠪᠤᠨᠳᠠ ᠠᠷᠢᠭᠤᠳᠬᠠᠭᠳᠠᠵᠠᠢ᠃ ᠡᠭᠦᠨ ᠤ ᠰᠠᠭᠤᠷᠢᠨ ᠲᠡᠭᠡᠷ᠎ᠡ ᠴᠢ ᠵᠦᠩ ᠢ ᠨᠠᠰᠤᠳᠠᠨ ᠤ ᠡᠷᠬᠢᠯᠡᠯ ᠶᠢᠡᠷ 1998- 1999 ᠤᠨ ᠳᠤ《ᠠᠯᠳᠠᠨ ᠪᠢᠴᠢᠭ᠌》 ᠢ ᠲᠠᠬᠢᠨ ᠰᠢᠨ᠎ᠡ ᠪᠡᠷ ᠠᠷᠢᠭᠤᠳᠬᠠᠨ ᠲᠤᠩᠭ᠋ᠠᠪᠠ᠃ ᠲᠤᠰ ᠦᠭᠦᠯᠡᠯ ᠳᠤ ᠭᠤᠤᠯᠳᠠᠬᠤ《ᠠᠯᠳᠠᠨ ᠪᠢᠴᠢᠭ᠌》 ᠤᠨ ᠢᠷᠡᠯ ᠭᠠᠷᠤᠯ᠂ ᠠᠭᠤᠯᠭ᠎ᠠ ᠪᠦᠳᠦᠴᠡ ᠪᠠ ᠠᠷᠢᠭᠤᠳᠬᠠᠨ ᠲᠤᠩᠭ᠋ᠠᠬᠤ ᠳᠤ ᠬᠡᠷᠡᠭᠯᠡᠭᠰᠡᠨ ᠡᠬᠡ ᠮᠠᠲ᠋ᠸᠷᠢᠶᠠᠯ ᠵᠡᠷᠭᠡ ᠶᠢ ᠲᠤᠪᠴᠢ ᠲᠠᠨᠢᠯᠴᠠᠭᠤᠯᠤᠭᠰᠠᠨ ᠪᠠᠢ᠌ᠨ᠎ᠠ᠃ |
原文 |
没有原文
|
出自 |
内蒙古社会科学(蒙文版)
2001年
第3期
|