题名 |
ᠳᠡᠭᠡᠳᠦ ᠮᠣᠩᠭᠤᠯ ᠨ ᠪᠠᠶᠠᠨ ᠰᠦᠩ ᠦᠨ ᠢᠷᠦᠭᠡᠯ ᠳᠦ ᠳᠤᠰᠬᠠᠭᠳᠠᠭᠰᠠᠨ ᠱᠠᠰᠢᠨ ᠤ ᠰᠤᠶᠤᠯ ᠤᠨ ᠢᠯᠡᠷᠡᠯ |
作者 |
ᠬᠡ᠂ ᠬᠠᠰᠴᠢᠮᠡᠭ |
关键词 |
ᠳᠡᠭᠡᠳᠦ ᠮᠣᠩᠭᠤᠯ; 《ᠪᠠᠶᠠᠨ ᠰᠦᠩ ᠦᠨ ᠢᠷᠦᠭᠡᠯ》; ᠱᠠᠰᠢᠨ ᠤ ᠰᠤᠶᠤᠯ |
摘要 |
ᠳᠡᠭᠡᠳᠦ ᠮᠣᠩ᠋ᠭᠤᠯ ᠤᠨ 《ᠪᠠᠶᠠᠨ ᠰᠦᠩ ᠦᠨ ᠢᠷᠦᠭᠡᠯ》᠋ ᠦᠨ ᠠᠭᠤᠯᠭ᠎ᠠ᠂ ᠬᠡᠯᠪᠡᠷᠢ᠂ ᠬᠡᠯᠡ ᠬᠡᠯᠡᠯᠭᠡ ᠵᠡᠷᠭᠡ ᠬᠡᠳᠦᠨ ᠲᠠᠯ᠎ᠠ ᠠᠴᠠ ᠲᠤᠬᠠᠢ ᠶᠢᠨ ᠢᠷᠦᠭᠡᠯ ᠳᠦ ᠳᠤᠰᠬᠠᠭᠳᠠᠭᠰᠠᠨ ᠱᠠᠰᠢᠨ ᠤ ᠨᠦᠯᠦᠭᠡ ᠳᠤᠰᠬᠠᠯ ᠳᠤ ᠪᠤᠳᠠᠲᠠᠢ ᠵᠠᠳᠠᠯᠤᠯᠲᠠ ᠬᠢᠬᠦ ᠶᠢᠨ ᠳᠠᠭᠤ 《ᠪᠠᠶᠠᠨ ᠰᠦᠩ ᠦᠨ ᠢᠷᠦᠭᠡᠯ》᠋ ᠳᠡᠬᠢ ᠡᠷᠲᠡᠨ ᠦ ᠪᠦᠬᠡ ᠮᠦᠷᠭᠦᠯ ᠦᠨ ᠤᠯᠠ ᠮᠦᠷ ᠢ ᠬᠠᠢ᠌ᠨ ᠰᠢᠨᠵᠢᠯᠡᠵᠦ᠂ ᠳᠡᠭᠡᠳᠦ ᠮᠣᠩ᠋ᠭᠤᠯ ᠤᠨ ᠠᠷᠠᠳ ᠤᠨ ᠢᠷᠦᠭᠡᠯ ᠮᠠᠭᠲᠠᠭᠠᠯᠤᠨ ᠠᠭᠤᠯᠭ᠎ᠠ ᠬᠡᠯᠪᠡᠷᠢ ᠳᠦ ᠰᠢᠩᠭᠡᠭ᠍ᠰᠡᠨ ᠱᠠᠰᠢᠨ ᠤ ᠰᠤᠶᠤᠯ ᠤᠨ ᠤᠬᠠᠮᠰᠠᠷ ᠤᠨ ᠪᠤᠳᠠᠲᠠᠢ ᠢᠯᠡᠷᠡᠯ ᠢ ᠡᠷᠢᠵᠦ ᠭᠠᠷᠭᠠᠬᠤ ᠶᠢ ᠵᠤᠷᠢᠭᠰᠠᠨ ᠪᠠᠢ᠌ᠨ᠎ᠠ᠃ ᠱᠠᠰᠢᠨ ᠤ ᠰᠤᠶᠤᠯ ᠨᠢ ᠠᠷᠠᠳ ᠤᠨ ᠠᠮᠠᠨ ᠵᠤᠬᠢᠶᠠᠯ ᠤᠨ ᠳᠤᠲᠤᠷ᠎ᠠ ᠨᠡᠪᠴᠢ ᠰᠢᠩᠭᠡᠵᠦ᠂ ᠲᠡᠭᠦᠨ ᠳᠦ ᠨᠢᠭᠡ ᠵᠤᠢ᠌ᠯ ᠤᠨ ᠨᠡᠮᠡᠯᠲᠡ ᠴᠢᠮᠡᠭ ᠦᠨ ᠦᠢᠯᠡᠳᠦᠯ ᠦᠵᠡᠭᠦᠯᠦᠨ ᠂ ᠣᠷᠤᠨ ᠨᠤᠲᠤᠭ ᠤᠨ ᠣᠨᠴᠠᠯᠢᠭ ᠰᠢᠨᠵᠢ ᠶᠢᠨ ᠬᠤᠪᠢ ᠳᠤ ᠨᠡᠩ ᠲᠤᠳᠤ ᠳᠤᠪᠤᠭᠤᠷ ᠪᠤᠯᠭᠠᠭᠰᠠᠨ ᠪᠠᠢ᠌ᠨ᠎ᠠ᠂ ᠡᠢ᠌ᠮᠦ ᠡᠴᠡ ᠱᠠᠰᠢᠨ ᠤ ᠰᠤᠶᠤᠯ ᠨᠢ ᠠᠷᠠᠳ ᠤᠨ ᠠᠮᠠᠨ ᠵᠤᠬᠢᠶᠠᠯ ᠤᠨ ᠨᠦᠯᠦᠭᠡ ᠳᠤᠰᠬᠠᠯ ᠳᠤ ᠨᠢᠭᠡ ᠵᠤᠢ᠌ᠯ ᠤᠨ ᠲᠤᠭᠲᠠᠵᠤ ᠪᠤᠯᠤᠰᠢ ᠦᠭᠡᠢ ᠰᠤᠳᠤᠯᠤᠭᠳᠠᠬᠤᠨ ᠪᠤᠯᠵᠠᠢ᠃ |
原文 |
查看原文
|
出自 |
西部蒙古论坛
2012年
第3期
|