题名 |
ᠡᠮ ᠵᠠᠰᠠᠯ ᠢ ᠬᠠᠪᠰᠤᠷᠭᠠᠨ ᠰᠠ ᠡᠪᠡᠳᠴᠢᠨ ᠡᠴᠡ ᠪᠤᠯᠤᠭᠰᠠᠨ ᠵᠠᠯᠭᠢᠬᠤ ᠳᠤ ᠬᠦᠴᠢᠷᠳᠡᠬᠦ ᠶᠢ ᠵᠠᠰᠠᠭᠰᠠᠨ ᠡᠮᠴᠢᠯᠡᠭᠡᠨ ᠦ ᠠᠴᠢ ᠲᠤᠰᠠ ᠶᠢᠨ ᠠᠵᠢᠭᠯᠠᠯᠲᠠ |
作者 |
ᠬᠠᠰᠠᠷᠳᠡᠨᠢ; ᠡᠦ ᠱᠠᠨ; ᠲᠡᠭᠰᠢᠵᠢᠷᠭᠠᠯ |
关键词 |
ᠬᠠᠳᠬᠤᠬᠤ ᠵᠠᠰᠠᠯ; ᠵᠠᠯᠭᠢᠬᠤ ᠳᠤ ᠬᠦᠴᠢᠷᠳᠡᠬᠦ; ᠰᠠ ᠡᠪᠡᠳᠴᠢᠨ; ᠵᠠᠰᠠᠬᠤ ᠠᠷᠭ᠎ᠠ |
摘要 |
ᠵᠤᠷᠢᠯᠭ᠎ᠠ᠄ ᠬᠠᠳᠬᠤᠬᠤ ᠵᠠᠰᠠᠯ ᠢ ᠬᠠᠪᠰᠤᠷᠭᠠᠨ ᠰᠠ ᠡᠪᠡᠳᠴᠢᠨ ᠡᠴᠡ ᠪᠤᠯᠤᠭᠰᠠᠨ ᠵᠠᠯᠭᠢᠬᠤ ᠳᠤ ᠬᠦᠴᠢᠷᠳᠡᠬᠦ ᠶᠢ ᠵᠠᠰᠠᠭᠰᠠᠨ ᠡᠮᠴᠢᠯᠡᠭᠡᠨ ᠦ ᠠᠴᠢ ᠲᠤᠰᠠ ᠶᠢᠨ ᠲᠤᠬᠠᠢ ᠶᠠᠷᠢᠯᠴᠠᠨ᠎ᠠ᠃ ᠠᠷᠭ᠎ᠠ᠄ 60 ᠵᠢᠱᠢᠶ᠎ᠡ ᠰᠠ ᠡᠪᠡᠳᠴᠢᠨ ᠡᠴᠡ ᠪᠤᠯᠤᠭᠰᠠᠨ ᠵᠠᠯᠭᠢᠬᠤ ᠳᠤ ᠬᠦᠴᠢᠷᠳᠡᠬᠦ ᠡᠪᠡᠳᠴᠢᠨ ᠢ ᠲᠠᠰᠢᠷᠠᠮ ᠢᠶᠠᠷ ᠨᠢ ᠤᠯᠠᠮᠵᠢᠯᠠᠯᠲᠤ ᠬᠠᠳᠬᠤᠬᠤ ᠵᠠᠰᠠᠯ ᠬᠢᠬᠦ ᠡᠮᠴᠢᠯᠡᠭᠡᠨ ᠦ ᠳᠤᠭᠤᠢ᠌ᠯᠠᠩ ᠪᠤᠯᠤᠨ ᠬᠠᠷᠢᠴᠠᠭᠤᠯᠬᠤ ᠳᠤᠭᠤᠢ᠌ᠯᠠᠩ ᠬᠤᠪᠢᠶᠠᠵᠤ᠂ ᠡᠮ ᠢᠶᠡᠷ ᠵᠠᠰᠠᠬᠤ ᠶᠢᠨ ᠳᠠᠭᠠᠤ ᠡᠮᠴᠢᠯᠡᠭᠡᠨ ᠦ ᠳᠤᠭᠤᠢ᠌ᠯᠠᠩ ᠨᠢ ᠬᠠᠳᠬᠤᠬᠤ ᠵᠠᠰᠠᠯ ᠢ ᠡᠳᠦᠷ ᠦᠨ ᠨᠢᠭᠡ ᠤᠳᠠᠭ᠎ᠠ ᠬᠢᠪᠡ᠃ ᠨᠡᠢ᠌ᠲᠡ 20 ᠡᠳᠦᠷ᠃ ᠦᠷ᠎ᠡ ᠳ᠋ᠦᠩ᠄ ᠡᠮᠴᠢᠯᠡᠭᠡᠨ ᠦ ᠳᠤᠭᠤᠢ᠌ᠯᠠᠩ ᠪᠤᠯᠤᠨ ᠬᠠᠷᠢᠴᠠᠭᠤᠯᠬᠤ ᠳᠤᠭᠤᠢ᠌ᠯᠠᠩ ᠨᠢ ᠪᠦᠷ ᠰᠠ ᠡᠪᠡᠳᠴᠢᠨ ᠡᠴᠡ ᠪᠤᠯᠤᠭᠰᠠᠨ ᠵᠠᠯᠭᠢᠬᠤ ᠳᠤ ᠬᠦᠴᠢᠷᠳᠡᠬᠦ ᠰᠢᠨᠵᠢ ᠲᠡᠮᠳᠡᠭ ᠨᠢ ᠰᠠᠢ᠌ᠵᠢᠷᠠᠯᠲᠠ ᠲᠠᠢ᠂ ᠭᠡᠪᠡᠴᠦ ᠡᠮᠴᠢᠯᠡᠭᠡᠨ ᠦ ᠳᠤᠭᠤᠢ᠌ᠯᠠᠩ ᠤᠨ ᠡᠮᠴᠢᠯᠡᠭᠡᠨ ᠦ ᠠᠴᠢ ᠲᠤᠰᠠ ᠨᠢ ᠬᠠᠷᠢᠴᠠᠭᠤᠯᠬᠤ ᠳᠤᠭᠤᠢ᠌ᠯᠠᠩ ᠠᠴᠠ ᠮᠡᠳᠡᠭᠳᠡᠮ᠎ᠡ ᠰᠠᠢ᠌ᠨ (P<0.05)᠃ ᠳ᠋ᠦᠩᠨᠡᠯᠲᠡ᠄ ᠰᠠ ᠡᠪᠡᠳᠴᠢᠨ ᠡᠴᠡ ᠪᠤᠯᠤᠭᠰᠠᠨ ᠵᠠᠯᠭᠢᠬᠤ ᠳᠤ ᠬᠦᠴᠢᠷᠳᠡᠬᠦ ᠳᠦ ᠡᠮ ᠢᠶᠡᠷ ᠵᠠᠰᠠᠬᠤ ᠶᠢᠨ ᠬᠠᠮᠲᠤ ᠬᠠᠳᠬᠤᠬᠤ ᠵᠠᠰᠠᠯ ᠬᠠᠪᠰᠤᠷᠭᠠᠪᠠᠯ ᠡᠪᠡᠳᠴᠢᠲᠡᠨ ᠦ ᠵᠠᠯᠭᠢᠬᠤ ᠠᠵᠢᠯᠯᠠᠭ᠎ᠠ ᠶᠢ ᠰᠠᠢ᠌ᠵᠢᠷᠠᠭᠤᠯᠬᠤ ᠳᠤ ᠮᠠᠰᠢ ᠠᠴᠢ ᠲᠤᠰᠠ ᠲᠠᠢ. |
原文 |
查看原文
|
出自 |
内蒙古民族大学学报(蒙医药学)
2011年
第2期
|