题名 |
ᠴᠢᠰᠦ ᠨᠡᠪᠴᠢᠷᠡᠬᠦ ᠡᠪᠡᠳᠴᠢᠨ ᠦ ᠮᠣᠩᠭᠤᠯ ᠡᠮᠨᠡᠯᠭᠡ ᠶᠢᠨ ᠬᠤᠪᠢᠰᠤᠩᠭᠤᠢ ᠰᠤᠪᠢᠯᠠᠯᠲᠠ ᠶᠢᠨ ᠲᠤᠬᠠᠢ |
作者 |
ᠪᠠᠢ ᠬᠤᠩ ᠮᠧᠢ |
关键词 |
ᠮᠣᠩᠭᠤᠯ ᠠᠨᠠᠭᠠᠬᠤ ᠤᠬᠠᠭᠠᠨ; ᠴᠢᠰᠦ ᠨᠡᠪᠴᠢᠷᠡᠬᠦ ᠡᠪᠡᠳᠴᠢᠨ; ᠬᠤᠪᠢᠰᠤᠩᠭᠤᠢ ᠰᠤᠪᠢᠯᠠᠯᠲᠠ |
摘要 |
ᠲᠤᠰ ᠡᠪᠡᠳᠴᠢᠨ ᠪᠤᠯ ᠴᠢᠰᠦ ᠰᠢᠷ᠎ᠠ ᠶᠢᠨ ᠬᠠᠯᠠᠭᠤᠨ ᠰᠤᠳᠠᠯ ᠳᠤ ᠪᠠᠭᠤᠭᠰᠠᠨ ᠠᠴᠠ ᠰᠤᠳᠠᠯ ᠤᠨ ᠠᠮᠠ ᠠᠯᠳᠠᠷᠠᠨ ᠠᠷᠠᠰᠤ ᠬᠦᠷᠦᠰᠦ ᠵᠢᠴᠢ ᠪᠡᠶ᠎ᠡ ᠶᠢᠨ ᠡᠯ ᠡ ᠬᠡᠰᠡᠭ ᠡᠴᠡ ᠨᠡᠪᠴᠢᠷᠡᠬᠦ ᠰᠢᠨᠵᠢ ᠪᠦᠬᠦᠢ ᠡᠪᠡᠳᠴᠢᠨ ᠪᠤᠯᠤᠨ᠎ᠠ᠃ ᠡᠮᠴᠢᠯᠡᠭᠡᠨ ᠳᠡᠭᠡᠷ᠎ᠡ ᠠᠷᠠᠰᠤᠨ ᠳᠤ ᠴᠢᠰᠦᠨ ᠲᠤᠯᠪᠤ ᠪᠤᠶᠤ ᠬᠦᠭᠡᠷᠡᠭᠰᠡᠨ ᠰᠢᠷᠬ᠎ᠠ ᠢᠯᠡᠷᠡᠬᠦ᠂ ᠬᠠᠮᠠᠷ ᠠᠴᠠ ᠴᠢᠰᠦ ᠭᠠᠷᠬᠤ᠂ ᠠᠮᠠᠨ ᠬᠦᠨᠳᠡᠢ᠂ ᠰᠢᠳᠦ ᠪᠤᠢᠯᠠ ᠠᠴᠠ ᠴᠢᠰᠦ ᠭᠠᠷᠬᠤ᠂ ᠬᠦᠨᠳᠦ ᠨᠢ ᠴᠢᠰᠦ ᠪᠡᠷ ᠪᠦᠭᠡᠯᠵᠢᠬᠦ᠂ ᠴᠢᠰᠦ ᠲᠡᠢ ᠭᠠᠳᠠᠭᠠᠯᠠᠬᠤ᠂ ᠡᠮᠡᠭᠲᠡᠢ ᠶᠢᠨ ᠤᠮᠠᠢ ᠠᠴᠠ ᠴᠢᠰᠦ ᠴᠤᠪᠤᠷᠠᠬᠤ᠂ ᠡᠰᠡᠭᠦᠯ᠎ᠡ ᠲᠠᠷᠢᠬᠢᠨ ᠠᠴᠠ ᠴᠢᠰᠦ ᠭᠠᠷᠬᠤ ᠢᠯᠡᠷᠡᠯ ᠲᠡᠢ ᠪᠠᠢᠳᠠᠭ᠃ ᠪᠡᠶ ᠡ ᠲᠠᠮᠢᠷᠳᠠᠬᠤ᠂ ᠬᠠᠨᠢᠶᠠᠬᠤ᠂ ᠬᠠᠯᠠᠭᠤᠷᠠᠬᠤ᠂ ᠬᠤᠭᠤᠯᠠᠢ ᠵᠠᠯᠭᠢᠭᠤᠷ ᠡᠪᠡᠳᠬᠦ᠂ ᠤᠮᠳᠠᠭᠠᠰᠬᠤ᠂ ᠢᠳᠡᠭᠡᠨ ᠦ ᠳᠤᠷᠠᠰᠢᠯ ᠮᠠᠭᠤᠳᠠᠬᠤ᠂ ᠪᠡᠶ᠎ᠡ ᠰᠡᠳᠬᠢᠯ ᠬᠦᠨᠳᠦᠷᠡᠬᠦ᠂ ᠪᠤᠯᠴᠢᠩ ᠮᠢᠬ᠎ᠠ ᠰᠢᠮᠰᠢᠷᠡᠵᠦ ᠡᠪᠡᠳᠬᠦ ᠵᠡᠷᠭᠡ ᠣᠨᠴᠠᠯᠢᠭ ᠲᠠᠢ ᠪᠠᠢᠳᠠᠭ᠃ ᠡᠪᠡᠳᠴᠢᠲᠡᠨ ᠳᠦ ᠪᠡᠶ᠎ᠡ ᠰᠡᠳᠬᠢᠯ ᠦᠨ ᠵᠤᠪᠠᠭᠤᠷᠢ ᠵᠦᠳᠡᠭᠦᠷᠢ ᠶᠢ ᠠᠪᠴᠢᠷᠠᠨ ᠦᠭᠴᠦ᠂ ᠭᠡᠷ ᠦᠨ ᠬᠦᠮᠦᠰ ᠲᠦ ᠴᠦ ᠭᠡᠰᠡᠨ ᠵᠤᠬᠢᠬᠤ ᠳᠠᠷᠤᠭᠠᠰᠤ ᠪᠤᠯᠵᠤ ᠪᠠᠢᠳᠠᠭ᠃ ᠵᠤᠬᠢᠶᠠᠯ ᠳᠤ ᠣᠯᠠᠨ ᠵᠢᠯ ᠦᠨ ᠲᠤᠷᠰᠢᠬᠢ ᠴᠢᠰᠦ ᠨᠡᠪᠴᠢᠷᠡᠬᠦ ᠡᠪᠡᠳᠴᠢᠨ ᠢ ᠬᠤᠪᠢᠰᠤᠩᠭᠤᠢ ᠪᠠᠷ ᠰᠤᠪᠢᠯᠠᠭᠰᠠᠨ ᠲᠤᠷᠰᠢᠯᠭ᠎ᠠ ᠪᠠᠨ ᠬᠤᠷᠢᠶᠠᠩᠭᠤᠢᠯᠠᠨ ᠳ᠋ᠦᠩᠨᠡᠬᠦ ᠶᠢᠨ ᠬᠠᠮᠲᠤ᠂ ᠬᠤᠢᠰᠢᠲᠠ ᠶᠢᠨ ᠴᠢᠰᠦ ᠨᠡᠪᠴᠢᠷᠡᠬᠦ ᠡᠪᠡᠳᠴᠢᠨ ᠲᠡᠢ ᠡᠪᠡᠳᠴᠢᠲᠡᠨ ᠢ ᠤᠯᠠᠮ ᠨᠢᠭᠡ ᠠᠯᠬᠤᠮ ᠨᠠᠷᠢᠨ ᠨᠢᠭᠲᠠ ᠰᠤᠪᠢᠯᠠᠬᠤ ᠪᠠᠷ ᠳᠠᠮᠵᠢᠨ᠂ ᠮᠣᠩᠭᠤᠯ ᠠᠨᠠᠭᠠᠬᠤ ᠤᠬᠠᠭᠠᠨ ᠤ ᠴᠢᠰᠦ ᠨᠡᠪᠴᠢᠷᠡᠬᠦ ᠡᠪᠡᠳᠴᠢᠨ ᠦ ᠬᠤᠪᠢᠰᠤᠩᠭᠤᠢ ᠰᠤᠪᠢᠯᠠᠯᠲᠠ ᠶᠢ ᠪᠦᠷᠢᠨ ᠪᠦᠲᠦᠨ ᠪᠤᠯᠭᠠᠵᠤ᠂ ᠡᠪᠡᠳᠴᠢᠲᠡᠨ ᠦ ᠵᠤᠪᠠᠭᠤᠷᠢ ᠵᠦᠳᠡᠭᠦᠷᠢ ᠶᠢ ᠨᠡᠩ ᠲᠦᠷᠭᠡᠨ ᠠᠷᠢᠯᠭᠠᠬᠤ ᠶᠢ ᠵᠤᠷᠢᠪᠠ᠃ |
原文 |
没有原文
|
出自 |
内蒙古民族大学学报(自然科学)
2015年
第2期
|