摘要 |
ᠵᠠᠰᠠᠭ ᠤᠨ ᠠᠭᠤᠯᠭ᠋ ᠠ ᠵᠢ ᠦᠰᠦᠭ ᠪᠢᠴᠢᠭ᠌ ᠢᠢᠡᠷ ᠲᠡᠮᠳᠡᠭᠯᠡᠭᠰᠡᠨ ᠬᠠᠤᠯᠢ ᠴᠠᠭᠠᠵᠠ ᠶᠢᠨ ᠡᠮᠬᠢᠳᠭᠡᠯ ᠴᠣᠬᠤᠮ ᠣᠷᠤᠰᠢᠵᠤ ᠪᠠᠢᠢᠭᠰᠠᠨ ᠤᠤ ᠦᠭᠡᠢ ᠤᠤ? ᠭᠡᠳᠡᠭ ᠠᠰᠠᠭᠤᠳᠠᠯ ᠪᠣᠯ ᠵᠠᠰᠠᠭ ᠤᠨ ᠲᠣᠬᠠᠢ ᠰᠣᠳᠣᠯᠣᠯ ᠳᠤ ᠬᠣᠯᠪᠤᠭᠳᠠᠬᠤ ᠨᠢᠭᠡᠨ ᠴᠢᠬᠤᠯᠠ ᠶᠠᠬᠡ ᠠᠰᠠᠭᠤᠳᠠᠯ ᠶᠣᠮ᠃ ᠦᠩᠭᠡᠷᠡᠭᠰᠡᠨ ᠳᠤ ᠡᠷᠳᠡᠮᠲᠡᠳ ᠵᠠᠰᠠᠭ ᠭᠡᠳᠡᠭ ᠪᠣᠯ ᠴᠢᠩᠬᠢᠰ ᠬᠠᠨ ᠤ ᠬᠠᠤᠯᠢ ᠶᠢᠨ ᠡᠮᠬᠢᠳᠭᠡᠯ ᠪᠣᠯᠬᠤ ᠪᠦᠭᠡᠳ《ᠶᠡᠬᠡ ᠵᠠᠰᠠᠭ》ᠭᠡᠳᠡᠭ ᠪᠣᠯ ᠬᠦ ᠬᠠᠤᠯᠢ ᠶᠢᠨ ᠡᠮᠬᠢᠳᠭᠡᠯ ᠤᠨ ᠨᠡᠷᠡᠢᠢᠳᠦᠯ ᠪᠣᠯᠤᠨ ᠠ ᠭᠡᠵᠦ ᠦᠵᠡᠭᠰᠡᠭᠡᠷ ᠢᠷᠡᠵᠡᠢ᠃ ᠰᠢᠨᠵᠢᠯᠡᠭᠡᠨ ᠡᠴᠡ ᠦᠵᠡᠪᠡᠯ᠂ 《ᠶᠡᠬᠡ ᠵᠠᠰᠠᠭ》 ᠭᠡᠳᠡᠭ ᠦᠭᠡ ᠨᠢ ᠦᠰᠦᠭ ᠪᠢᠴᠢᠭ᠌ ᠢᠢᠡᠷ ᠲᠡᠮᠳᠡᠭᠯᠡᠭᠳᠡᠭᠰᠡᠨ ᠬᠠᠤᠯᠢ ᠶᠢᠨ ᠨᠡᠷᠡᠢᠢᠳᠦᠯ ᠪᠣᠰᠤ᠂ ᠬᠠᠷᠢᠨ ᠴᠢᠩᠬᠢᠰ ᠬᠠᠨ ᠤ ᠠᠭᠤᠤ ᠶᠡᠬᠡ ᠵᠠᠰᠠᠭ ᠭᠡᠰᠡᠨ ᠤᠳᠬ ᠠ ᠲᠠᠠᠢ ᠦᠭᠡ ᠪᠣᠯᠤᠨ᠎ᠠ᠃ |