摘要 |
ᠳᠤᠰ ᠦᠭᠦᠯᠡᠯ ᠳᠤ ᠬᠤᠯᠪᠤᠭᠳᠠᠯ ᠪᠦᠭᠦᠢ ᠲᠡᠦᠬᠡᠨ ᠭᠡᠷᠡᠴᠢ ᠪᠠᠷᠢᠮᠲᠠ ᠪᠠ ᠰᠤᠷᠪᠤᠯᠵᠢ ᠪᠢᠴᠢᠭ᠌ ᠤᠤᠨ ᠤᠨ ᠳᠡᠮᠳᠡᠭᠯᠡᠯ ᠳᠤ ᠲᠤᠯᠭᠠᠭᠤᠷᠢᠯᠠᠨ ᠂ ᠮᠣᠩᠭᠣᠯ ᠲᠦᠢᠷᠦ ᠶᠢᠨ ᠡᠰᠨᠢᠯ ᠮᠠᠨᠳᠤᠯ ᠤᠨ ᠦᠶ ᠡ ᠳᠤ ᠤᠷᠤᠰᠢᠨ ᠠᠮᠢᠳᠤᠷᠠᠵᠤ ᠪᠠᠢ᠌ᠭᠰᠠᠨ ᠬᠠᠰᠠᠷ ᠲᠤ ᠤᠢ᠌ᠭᠤᠷᠵᠢᠨ ᠪᠢᠴᠢᠭ᠌ ᠮᠡᠳᠡᠬᠦ ᠶᠢᠨ ᠲᠡᠦᠬᠡᠨ ᠪᠤᠯᠤᠮᠵᠢ ᠨᠦᠭᠦᠴᠡᠯ ᠪᠤᠢᠷᠢᠨ ᠪᠠᠢ᠌ᠭᠰᠠᠨ ᠶᠤᠮ᠃ ᠲᠦᠴᠢᠨ ᠨᠠᠰᠤᠲᠠᠢ ᠬᠠᠰᠠᠷ ᠳᠠᠳᠠᠳᠤᠩᠭ᠋ ᠠ ᠪᠠᠭᠰᠢ ᠡᠴᠡ ᠤᠢ᠌ᠭᠤᠷᠵᠢᠨ ᠪᠢᠴᠢᠭ᠌ ᠰᠤᠷᠤᠭᠰᠠᠨᠶᠤᠮ᠃ ᠬᠠᠰᠠᠷ ᠪᠤᠯ ᠡᠷᠡᠯᠭᠡᠭ ᠪᠠᠭᠠᠲᠤᠷ ᠵᠠᠩ ᠴᠢᠨᠠᠷ ᠲᠠᠢ᠃ᠬᠠᠷᠪᠤᠯᠭ᠎ᠠ ᠳᠤ ᠪᠡᠨ ᠮᠡᠷᠭᠡᠵᠢᠭᠰᠡᠨ ᠶᠢᠨᠷ ᠦᠯᠦ ᠪᠠᠷᠠᠮ ᠂ ᠮᠣᠩᠭᠣᠯ ᠤᠨ ᠡᠷᠳᠡᠨ ᠦ ᠲᠡᠦᠬᠡᠨ ᠳᠡᠬᠢ ᠪᠢᠴᠢᠭ᠌ ᠰᠤᠶᠤᠯ ᠲᠠᠢ ᠂ ᠬᠠᠤᠯᠢ ᠴᠠᠭᠠᠵᠠ ᠪᠤᠯᠤᠨ ᠴᠡᠷᠢᠭ ᠤᠨ ᠪᠤᠳᠤᠯᠭ᠎ᠠ ᠶᠢ ᠮᠡᠳᠡᠳᠡᠭ᠂ ᠪᠢᠴᠢᠭ᠌ ᠴᠡᠷᠢᠭ ᠤᠨ ᠡᠷᠳᠡᠮ ᠬᠤᠤᠰᠯᠠᠭᠰᠠᠨ ᠨᠢᠭᠡᠨ ᠦᠶ ᠡ ᠶᠢᠨ ᠠᠭᠤᠤ ᠶᠡᠬᠡ ᠬᠦᠮᠦᠨ ᠪᠤᠯᠬᠤ ᠭᠡᠵᠦ ᠦᠵᠡᠵᠡᠢ᠃ |