论文信息


题名 ᠴᠠᠭᠠᠷᠢᠭ ᠡᠾᠧᠺᠰᠠᠨᠤᠯ ᠤᠨ ᠤᠰᠤ ᠦᠭᠡᠶᠢᠳᠡᠬᠦ ᠤᠷᠪᠠᠯ ᠤᠨ ᠬᠦᠳᠡᠯᠭᠡᠭᠡᠨ ᠬᠦᠴᠦᠨ ᠵᠦᠢ ᠶᠢᠨ ᠲᠤᠬᠠᠢ ᠰᠤᠳᠤᠯᠤᠯ
作者 ᠪᠠᠲᠤ; ᠤᠶᠤᠨ; ᠱᠤᠸᠠᠩ ᠮᠧᠢ
关键词 ᠴᠠᠭᠠᠷᠢᠭ ᠡᠾᠧᠺᠰᠠᠨᠤᠯ; ᠴᠠᠭᠠᠷᠢᠭ ᠡᠾᠧᠺᠰᠸᠠ; ᠠᠷᠭ᠎ᠠ ᠢᠶᠤᠨ ᠰᠤᠯᠢᠯᠴᠠᠭᠤᠯᠬᠤ ᠳᠠᠪᠠᠷᠬᠠᠢ; ᠤᠰᠤ ᠦᠭᠡᠶᠢᠳᠡᠬᠦ; ᠬᠦᠳᠡᠯᠭᠡᠭᠡᠨ ᠬᠦᠴᠦᠨ ᠵᠦᠢ
摘要 ᠠᠷᠭ᠎ᠠ ᠢᠶᠤᠨ ᠰᠤᠯᠢᠯᠴᠠᠭᠤᠯᠬᠤ ᠳᠠᠪᠠᠷᠬᠠᠢ ᠪᠠᠷ ᠲᠦᠷᠭᠡᠳᠭᠡᠭᠦᠷ ᠪᠤᠯᠭᠠᠵᠤ᠂ ᠴᠠᠭᠠᠷᠢᠭ ᠡᠾᠧᠺᠰᠠᠨᠤᠯ ᠤᠨ ᠤᠰᠤ ᠦᠭᠡᠶᠢᠳᠡᠬᠦ ᠤᠷᠪᠠᠯ ᠤᠨ ᠬᠦᠳᠡᠯᠭᠡᠭᠡᠨ ᠬᠦᠴᠦᠨ ᠵᠦᠢ ᠶᠢᠨ ᠲᠤᠬᠠᠢ ᠰᠤᠳᠤᠯᠬᠤ ᠪᠠᠷ ᠳᠠᠮᠵᠢᠨ ᠴᠠᠭᠠᠷᠢᠭ ᠡᠾᠧᠺᠰᠸᠠ ᠢ ᠨᠡᠢᠯᠡᠯᠭᠡᠵᠢᠭᠦᠯᠬᠦ ᠮᠡᠷᠭᠡᠵᠢᠯ ᠳᠦ ᠣᠨᠣᠯ ᠤᠨ ᠪᠠᠷᠢᠮᠲᠠ ᠣᠯᠭᠤᠭᠰᠠᠨ ᠪᠠᠢᠨ᠎ᠠ᠃ ᠲᠤᠰ ᠦᠭᠦᠯᠡᠯ ᠳᠦ ᠭᠤᠤᠯᠳᠠᠭᠤ ᠲᠦᠷᠭᠡᠳᠭᠡᠭᠦᠷ ᠦᠨ ᠮᠦᠬᠦᠯᠢᠭ ᠦᠨ ᠶᠡᠬᠡ ᠪᠠᠭ᠎ᠠ᠂ ᠲᠦᠷᠭᠡᠳᠭᠡᠭᠦᠷ ᠦᠨ ᠬᠡᠮᠵᠢᠶ᠎ᠡ᠂ ᠤᠰᠤ᠂ ᠤᠷᠪᠠᠯ ᠤᠨ ᠳᠤᠯᠠᠭᠠᠨ ᠵᠡᠷᠭᠡ ᠶᠢᠨ ᠤᠷᠪᠠᠯ ᠳᠤ ᠦᠵᠡᠭᠦᠯᠬᠦ ᠨᠦᠯᠦᠭᠡ ᠶᠢ ᠰᠤᠳᠤᠯᠵᠠᠢ᠃ ᠲᠤᠷᠰᠢᠯᠲᠠ ᠶᠢᠨ ᠦᠷ᠎ᠡ ᠳ᠋ᠦᠩ ᠡᠴᠡ ᠮᠡᠳᠡᠬᠦ ᠨᠢ᠄ ᠲᠦᠷᠭᠡᠳᠭᠡᠭᠦᠷ ᠦᠨ ᠮᠦᠬᠦᠯᠢᠭ ᠦᠨ ᠳ᠋ᠢᠶᠠᠮᠧᠲ᠋ᠷ ᠨᠢ ᠶᠡᠬᠡᠰᠪᠡᠯ ᠤᠷᠪᠠᠯ ᠤᠨ ᠬᠤᠷᠳᠤᠯᠠᠮᠵᠢ ᠪᠠᠭᠠᠰᠤᠨ᠎ᠠ᠂ ᠲᠦᠷᠭᠡᠳᠭᠡᠭᠦᠷ ᠦᠨ ᠬᠡᠮᠵᠢᠶ᠎ᠡ ᠨᠡᠮᠡᠭᠳᠡᠪᠡᠯ ᠤᠷᠪᠠᠯ ᠤᠨ ᠬᠤᠷᠳᠤᠯᠠᠮᠵᠢ ᠶᠡᠬᠡᠰᠦᠨ᠎ᠡ᠃ ᠤᠰᠤ ᠪᠤᠯ ᠲᠤᠰ ᠤᠷᠪᠠᠯ ᠳᠤ ᠬᠠᠷᠰᠢᠯᠠᠬᠤ ᠦᠢᠯᠡᠳᠦᠯ ᠦᠵᠡᠭᠦᠯᠦᠨ᠎ᠡ᠃ ᠤᠷᠪᠠᠯ ᠤᠨ ᠳᠤᠯᠠᠭᠠᠨ ᠳᠡᠭᠡᠭᠰᠢᠯᠡᠪᠡᠯ ᠤᠷᠪᠠᠯ ᠤᠨ ᠬᠤᠷᠳᠤᠯᠠᠮᠵᠢ ᠳᠠᠭᠠᠯᠳᠤᠨ ᠶᠡᠬᠡᠰᠦᠨ᠎ᠡ᠃ ᠲᠤᠰ ᠤᠷᠪᠠᠯ ᠪᠤᠯ ᠲᠡᠭ ᠵᠡᠷᠭᠡᠲᠦ ᠤᠷᠪᠠᠯ ᠮᠦᠨ ᠭᠡᠳᠡᠭ ᠢ ᠲᠤᠷᠰᠢᠯᠲᠠ ᠭᠡᠷᠴᠢᠯᠡᠭᠰᠡᠨ ᠪᠠᠢᠨ᠎ᠠ᠃ ᠢᠳᠡᠪᠬᠢᠵᠢᠯᠲᠡ ᠶᠢᠨ ᠡᠨᠧᠷᠬᠢ ᠨᠢ 103.78kJ·mol-1 ᠪᠤᠯᠤᠨ᠎ᠠ᠃
原文 没有原文
出自 内蒙古师范大学学报(自然科学蒙古文版) 2009年 第3期

联系我们


内蒙古大学图书馆
呼和浩特市大学西路235号
中国·内蒙古
P: (0471) 4992561
E: huangfeilong@imu.edu.cn