摘要 |
ᠲᠤᠰ ᠦᠭᠦᠯᠡᠯ ᠳᠦ ᠂ ᠳᠤᠮᠳᠠᠳᠤ ᠤᠯᠤᠰ ᠤᠨ ᠲᠡᠦᠬᠡ ᠶᠢᠨ ᠨᠢᠭᠡᠳᠦᠭᠡᠷ ᠠᠷᠭᠢᠪ ᠲᠤ ᠬᠠᠳᠠᠭᠠᠯᠠᠭᠳᠠᠭᠰᠠᠨ ᠮᠣᠩ᠋ᠭᠤᠯ ᠳᠠᠩᠰᠠ ᠬᠠᠷ᠎ᠠ ᠶᠢᠨ ᠳᠤᠲᠤᠷᠠᠬᠢ ᠬᠠᠮᠢᠶ᠎ᠠ ᠪᠦᠬᠦᠢ ᠲᠡᠮᠳᠡᠭᠯᠡᠯ ᠦᠳ ᠢ ᠦᠨᠳᠦᠰᠦᠯᠡᠵᠦ᠂ ᠠᠪᠠᠳᠠᠢ ᠬᠠᠭᠠᠨ ᠤ ᠦᠢᠯᠡᠰ ᠲᠦᠷᠦᠭᠦᠲᠡᠢ ᠠᠷᠤ ᠬᠠᠯᠬ᠎ᠠ ᠶᠢᠨ ᠡᠷᠲᠡᠨ ᠦ ᠲᠡᠦᠬᠡᠨ ᠳᠦ ᠬᠤᠯᠪᠤᠭᠳᠠᠬᠤ ᠬᠡᠳᠦᠨ ᠠᠰᠠᠭᠤᠳᠠᠯ ᠳᠤ ᠰᠢᠨᠵᠢᠯᠡᠯ ᠬᠢᠭᠡᠳ ᠡᠷᠳᠡᠮ ᠰᠢᠨᠵᠢᠯᠡᠭᠡᠨ ᠦ ᠬᠦᠷᠢᠶᠡᠨ ᠳᠡᠬᠢ ᠵᠠᠷᠢᠮ ᠪᠤᠷᠤᠭᠤ ᠰᠤᠯᠢᠭᠤ ᠬᠡᠯᠡᠯᠭᠡ ᠶᠢ ᠵᠠᠯᠠᠷᠠᠭᠤᠯᠵᠠᠢ᠃ ᠲᠦᠮᠡᠳ ᠦᠨ ᠠᠯᠲᠠᠨ ᠬᠠᠭᠠᠨ ᠤ ᠨᠢᠭᠡ ᠥᠬᠢᠨ ᠨᠢ ᠠᠷᠤ ᠬᠠᠯᠬ᠎ᠠ ᠶᠢᠨ ᠨᠤᠶᠠᠯᠠᠭᠴᠢ ᠭᠡᠷᠡᠰᠡᠨᠵᠡ ᠶᠢᠨ ᠲᠡᠵᠢᠭᠡᠭ᠍ᠰᠡᠨ ᠥᠬᠢᠨ ᠪᠦᠭᠡᠳ ᠡᠨᠡ ᠥᠬᠢᠨ ᠪᠡ ᠠᠪᠠᠭᠠᠨᠠᠷ ᠤᠨ ᠨᠤᠶᠠᠯᠠᠭᠴᠢ ᠲᠡᠮᠡᠭᠡᠳᠦ ᠬᠠᠭᠠᠨ ᠠᠴᠠ ᠲᠦᠷᠦᠭᠰᠡᠨ ᠭᠤᠷᠪᠠᠨ ᠬᠡᠦᠬᠡᠨ ᠦ ᠨᠢᠭᠡ ᠨᠢ ᠳᠠᠬᠢᠭᠠᠳ ᠭᠡᠷᠡᠰᠡᠨᠵᠡ ᠶᠢᠨ ᠠᠴᠢ ᠠᠪᠠᠳᠠᠢ ᠳᠤ ᠮᠤᠷᠳᠠᠵᠠᠢ᠃ ᠭᠡᠷᠡᠰᠡᠨᠵᠡ᠂ ᠠᠪᠠᠳᠠᠢ ᠪᠤᠯᠤᠨ ᠠᠯᠲᠠᠨ ᠬᠠᠭᠠᠨ ᠤ ᠡᠨᠡᠬᠦ ᠣᠨᠴᠤᠭᠤᠢ ᠬᠠᠷᠢᠴᠠᠭ᠎ᠠ ᠨᠢ ᠠᠷᠤ ᠬᠠᠯᠬ᠎ᠠ ᠪᠤᠯᠤᠨ ᠲᠦᠮᠡᠳ ᠦᠨ ᠬᠤᠭᠤᠷᠤᠨᠳᠤᠬᠢ ᠬᠤᠵᠢᠮ ᠤᠨ ᠤᠯᠤᠰ ᠲᠦᠷᠦ᠂ ᠠᠵᠤ ᠠᠬᠤᠢ᠂ ᠰᠤᠶᠤᠯ ᠵᠡᠷᠭᠡ ᠣᠯᠠᠨ ᠲᠠᠯ᠎ᠠ ᠶᠢᠨ ᠨᠢᠭ᠌ᠲᠠ ᠬᠠᠷᠢᠴᠠᠭᠠᠨ ᠤ ᠰᠠᠭᠤᠷᠢ ᠶᠢ ᠲᠠᠯᠪᠢᠭᠰᠠᠨ ᠪᠠᠢ᠌ᠨ᠎ᠠ᠃ 1580 ᠣᠨ ᠳᠤ᠂ ᠠᠯᠲᠠᠨ ᠬᠠᠭᠠᠨ ᠤ ᠳᠡᠮᠵᠢᠯᠭᠡ ᠳᠤᠤᠷ᠎ᠠ ᠠᠪᠠᠳᠠᠢ ᠬᠠᠭᠠᠨ ᠴᠤᠯᠠ ᠠᠪᠴᠤ᠂ ᠭᠡᠷᠡᠰᠡᠨᠵᠡ ᠶᠢᠨ ᠶᠡᠬᠡ ᠬᠦᠪᠡᠭᠦᠨ ᠦ ᠤᠷᠤᠭᠲᠠᠨ ᠤ ᠪᠠᠢ᠌ᠷᠢ ᠶᠢ ᠣᠷᠤᠯᠠᠵᠤ᠂ ᠠᠷᠤ ᠬᠠᠯᠬ᠎ᠠ ᠶᠢᠨ ᠬᠠᠮᠤᠭ ᠳᠡᠭᠡᠳᠦ ᠨᠤᠶᠠᠯᠠᠭᠴᠢ ᠪᠤᠯᠵᠠᠢ᠃ 1581 ᠣᠨ ᠳᠤ ᠠᠪᠠᠳᠠᠢ ᠨᠢ ᠠᠯᠲᠠᠨ ᠬᠠᠭᠠᠨ ᠤ ᠨᠦᠯᠦᠭᠡ ᠪᠡᠷ ᠰᠢᠷ᠎ᠠ ᠶᠢᠨ ᠱᠠᠰᠢᠨ ᠢ ᠬᠦᠯᠢᠶᠡᠵᠦ᠂ 1586 ᠣᠨ ᠳᠤ ᠪᠡᠶ᠎ᠡ ᠪᠡᠷ ᠬᠦᠬᠡᠬᠤᠲᠠ ᠳᠤ ᠬᠦᠷᠴᠦ ᠳᠠᠯᠠᠢ ᠪᠯᠠᠮ᠎ᠠ ᠳᠤ ᠮᠦᠷᠭᠦᠭᠡᠳ ᠸᠴᠢᠷᠠᠢ ᠬᠠᠭᠠᠨ ᠭᠡᠰᠡᠨ ᠱᠠᠰᠢᠨ ᠤ ᠬᠠᠭᠠᠨ ᠴᠤᠯᠠ ᠣᠯᠤᠭᠠᠳ ᠨᠡᠢ᠌ᠲᠡ ᠬᠠᠯᠬ᠎ᠠ ᠶᠢᠨ ᠡᠵᠡᠨ ᠦ ᠪᠠᠢ᠌ᠷᠢ ᠰᠠᠭᠤᠷᠢ ᠪᠠᠨ ᠤᠯᠠᠮ ᠪᠠᠲᠤᠳᠬᠠᠵᠠᠢ᠃ ᠠᠪᠠᠳᠠᠢ ᠬᠠᠭᠠᠨ ᠰᠠᠭᠤᠭᠠᠳ ᠯᠠᠢ᠌ᠬᠤᠷ ᠢ ᠠᠷᠤ ᠬᠠᠯᠬ᠎ᠠ ᠶᠢᠨ ᠪᠠᠷᠠᠭᠤᠨ ᠭᠠᠷ ᠤᠨ ᠬᠠᠭᠠᠨ ᠲᠠᠯᠪᠢᠭᠰᠠᠨ᠎ᠠ ᠬᠤᠵᠢᠮ ᠨᠢ ᠣᠢ᠌ᠷᠠᠳ ᠯᠠᠢ᠌ᠬᠤᠷ ᠢ ᠬᠤᠤᠷᠯᠠᠵᠠᠢ᠃ ᠯᠠᠢ᠌ᠬᠤᠷ ᠬᠠᠭᠠᠨ ᠤ ᠦᠰᠢᠶ᠎ᠡ ᠶᠢ ᠠᠪᠬᠤ ᠶᠢᠨ ᠲᠤᠯᠠ 1587 ᠣᠨ ᠳᠤ ᠠᠪᠠᠳᠠᠢ ᠬᠠᠭᠠᠨ ᠣᠢ᠌ᠷᠠᠳ ᠲᠤ ᠮᠤᠷᠳᠠᠵᠤ᠂ ᠬᠦᠪᠭᠡᠷ ᠲᠦ ᠣᠢ᠌ᠷᠠᠳ ᠢ ᠳᠠᠷᠤᠭᠠᠳ᠂ ᠣᠢ᠌ᠷᠠᠳ ᠢ ᠬᠠᠯᠬ᠎ᠠ ᠶᠢᠨ ᠡᠷᠬᠡᠰᠢᠶᠡᠯ ᠳᠦ ᠣᠷᠤᠭᠤᠯᠵᠠᠢ᠃ ᠠᠪᠠᠳᠠᠢ ᠬᠠᠭᠠᠨ ᠤ ᠬᠤᠢ᠌ᠴᠢᠰ ᠲᠦᠰᠢᠶᠡᠲᠦ ᠬᠠᠭᠠᠨ ᠭᠤᠮᠪᠤᠳᠤᠷᠵᠢ᠂ ᠴᠠᠬᠤᠨᠳᠤᠷᠵᠢ ᠨᠠᠷ ᠨᠡᠢ᠌ᠲᠡ ᠬᠠᠯᠬ᠎ᠠ ᠶᠢᠨ ᠡᠵᠡᠨ ᠪᠠᠢ᠌ᠭᠰᠠᠨ ᠪᠦᠭᠡᠳ 1630 ᠣᠨ ᠤ ᠣᠷᠴᠢᠮ ᠢᠶᠠᠷ ᠴᠠᠬᠠᠷ᠂ ᠠᠪᠠᠭ᠎ᠠ ᠶᠢᠨ ᠤᠷᠤᠭᠤᠯ ᠨᠤᠶᠠᠳ ᠬᠠᠯᠬ᠎ᠠ ᠶᠢᠨ ᠵᠡᠭᠦᠨ ᠭᠠᠷ ᠤᠨ ᠳᠠᠯᠠᠢ ᠵᠢᠨᠦᠩ ᠱᠤᠯᠤᠢ ᠶᠢ 《ᠤᠯᠠᠨ᠎ᠠ ᠡᠷᠭᠦᠭ᠍ᠳᠡᠭᠰᠡᠨ ᠮᠠᠬᠠᠰᠠᠮᠠᠳᠢ ᠬᠠᠭᠠᠨ》ᠡᠷᠭᠦᠮᠵᠢᠯᠡᠭᠰᠡᠨᠡ ᠱᠤᠯᠤᠢ ᠶᠢᠨ ᠡᠨᠡ ᠬᠠᠭᠠᠨ ᠴᠤᠯᠠ ᠶᠢ ᠭᠤᠮᠪᠤᠳᠤᠷᠵᠢ ᠵᠦᠪᠰᠢᠶᠡᠷᠡᠨ ᠬᠠᠳᠠᠭᠤᠯᠵᠠᠢ᠃ ᠡᠨᠡ ᠦᠶ᠎ᠡ ᠡᠴᠡ ᠡᠬᠢᠯᠡᠵᠦ ᠠᠷᠤ ᠬᠠᠯᠬ᠎ᠠ ᠳᠤ ᠭᠤᠷᠪᠠᠨ ᠬᠠᠭᠠᠨ ᠲᠠᠢ ᠪᠤᠯᠤᠭᠰᠠᠨ ᠪᠠᠢ᠌ᠨ᠎ᠠ᠃ |