摘要 |
ᠦᠭᠦᠯᠡᠯ ᠳᠦ ᠮᠣᠩ᠋ᠭᠤᠯᠴᠤᠳ ᠤᠨ ᠲᠤᠤᠯᠢ᠂ ᠦᠯᠢᠭᠡᠷ ᠳᠤᠮᠤᠭ᠂ ᠲᠡᠦᠬᠡ ᠶᠢᠨ ᠰᠤᠷᠪᠤᠯᠵᠢ ᠪᠢᠴᠢᠭ᠌ ᠲᠦ ᠰᠠᠭᠤᠷᠢᠯᠠᠨ᠂ ᠡᠷᠲᠡᠨ ᠦ ᠮᠣᠩ᠋ᠭᠤᠯᠴᠤᠳ ᠤᠨ ᠪᠠᠢ᠌ᠭᠠᠯᠢ ᠪᠠ ᠬᠦᠮᠦᠨ ᠦ ᠲᠤᠬᠠᠢ ᠲᠠᠨᠢᠯᠲᠠ ᠳᠤ ᠰᠢᠨᠵᠢᠯᠡᠭᠡ ᠬᠢᠵᠦ᠂ ᠮᠣᠩ᠋ᠭᠤᠯᠴᠤᠳ ᠠᠯᠢ ᠡᠷᠲᠡᠨ ᠡᠴᠡ ᠪᠠᠢ᠌ᠭᠠᠯᠢ ᠪᠠ ᠬᠦᠮᠦᠨ ᠦ ᠲᠤᠬᠠᠢ ᠲᠠᠨᠢᠯᠲᠠ ᠲᠠᠢ ᠪᠠᠢ᠌ᠭᠰᠠᠨ ᠪᠦᠭᠡᠳ ᠡᠳᠡᠭᠡᠷ ᠲᠠᠨᠢᠯᠲᠠ ᠨᠢ ᠶᠡᠷᠦᠩᠬᠡᠢ ᠳᠡᠭᠡᠨ ᠠᠮᠢᠳᠤᠷᠠᠯ ᠤᠨ ᠳᠤᠮᠳᠠ ᠠᠴᠠ ᠭᠦᠨ ᠤᠬᠠᠭᠠᠨ ᠤ ᠦᠨᠳᠦᠰᠦᠨ ᠠᠰᠠᠭᠤᠳᠠᠯ ᠪᠤᠯᠬᠤ ᠰᠡᠳᠭᠢᠭᠦᠢ ᠪᠡ ᠣᠷᠤᠰᠢᠬᠤᠢ ᠶᠢᠨ ᠠᠯᠢ ᠨᠢ ᠠᠩ᠋ᠬᠠᠳᠠᠭᠴᠢ ᠪᠤᠯᠬᠤ ᠶᠢ ᠬᠠᠷᠢᠭᠤᠯᠪᠠ ᠭᠡᠵᠦ ᠦᠵᠡᠭᠰᠡᠨ ᠪᠦᠭᠡᠳ ᠲᠡᠳᠡ ᠪᠤᠳᠠᠰ ᠠᠴᠠ ᠣᠷᠤᠨ ᠳᠤ ᠬᠦᠷᠬᠦ ᠱᠤᠭᠤᠮ ᠢ ᠪᠠᠷᠢᠮᠲᠠᠯᠠᠨ᠂ ᠶᠢᠷᠲᠢᠨᠴᠦ ᠶᠢᠨ ᠪᠤᠢ ᠪᠦᠬᠦᠢ ᠦᠵᠡᠭᠳᠡᠯ ᠴᠦᠮ ᠪᠤᠳᠠᠰ ᠲᠤ ᠨᠢᠭᠡᠳᠴᠦ ᠪᠠᠢ᠌ᠭ᠎ᠠ ᠪᠦᠭᠡᠳ ᠬᠡᠷᠡᠭ ᠪᠤᠳᠠᠰ ᠤᠨ ᠬᠦᠳᠡᠯᠭᠡᠭᠡᠨ ᠬᠤᠪᠢᠷᠠᠯᠲᠠ ᠴᠦᠮ ᠤᠤᠯ ᠠᠴᠠ ᠪᠠᠨ ᠪᠠᠢ᠌ᠭᠰᠠᠨ ᠵᠢᠮ᠎ᠡ ᠶᠤᠰᠤ ᠶᠢ ᠵᠢᠷᠦᠮᠯᠡᠵᠦ ᠪᠠᠢ᠌ᠳᠠᠭ ᠢ ᠲᠠᠨᠢᠵᠤ ᠣᠯᠵᠠᠢ ᠭᠡᠵᠦ ᠨᠤᠲᠠᠯᠠᠪᠠ᠃ |