论文信息


题名 ᠮᠣᠩᠭᠤᠯ ᠡᠮᠨᠡᠯᠭᠡ ᠪᠡᠷ ᠰᠠ ᠡᠪᠡᠳᠴᠢᠨ ᠢ ᠣᠨᠣᠰᠢᠯᠠᠬᠤ ᠬᠡᠮᠵᠢᠭᠦᠷ ᠬᠦᠰᠦᠨᠦᠭ ᠪᠡ ᠮᠣᠩᠭᠤᠯ ᠡᠮᠨᠡᠯᠭᠡ ᠶᠢᠨ ᠡᠮᠨᠡᠯ ᠦᠨ ᠠᠴᠢ ᠲᠤᠰᠠ ᠶᠢ ᠦᠨᠡᠯᠡᠬᠦ ᠬᠡᠮᠵᠢᠭᠦᠷ ᠬᠦᠰᠦᠨᠦᠭ ᠢ ᠦᠨᠡᠯᠡᠬᠦ ᠰᠤᠳᠤᠯᠭ᠎ᠠ
作者 ᠸᠠᠩ ᠰᠢᠶᠤᠤ ᠷᠦᠩ; ᠡᠷᠳᠡᠨᠢᠴᠢᠯᠠᠭᠤ; ᠵᠤᠤ ᠹᠦ᠋ ᠴᠢᠤᠸᠠᠨ
关键词 ᠰᠠ ᠡᠪᠡᠳᠴᠢᠨ; ᠬᠡᠮᠵᠢᠭᠦᠷ ᠬᠦᠰᠦᠨᠦᠭ; ᠢᠳᠡᠭᠡᠮᠵᠢᠴᠡ; ᠠᠰᠢᠭᠯᠠᠮᠵᠢᠴᠠ
摘要 ᠡᠮᠴᠢᠯᠡᠭᠡᠨ ᠦ ᠰᠤᠳᠤᠯᠭ᠎ᠠ ᠪᠠᠷ ᠳᠠᠮᠵᠢᠨ᠂ ᠮᠣᠩᠭᠤᠯ ᠡᠮᠨᠡᠯᠭᠡ ᠪᠡᠷ ᠰᠠ ᠡᠪᠡᠳᠴᠢᠨ ᠢ ᠣᠨᠣᠰᠢᠯᠠᠬᠤ ᠬᠡᠮᠵᠢᠭᠦᠷ ᠬᠦᠰᠦᠨᠦᠭ ᠪᠡ ᠲᠡᠭᠦᠨ ᠦ ᠡᠮᠨᠡᠯ ᠦᠨ ᠠᠴᠢ ᠲᠤᠰᠠ ᠶᠢ ᠦᠨᠡᠯᠬᠦ ᠬᠡᠮᠵᠢᠭᠦᠷ ᠬᠦᠰᠦᠨᠦᠭ ᠦᠨ ᠢᠲᠡᠭᠡᠮᠵᠢᠴᠡ (信度᠂ Reliability)᠂ ᠠᠰᠢᠭᠯᠠᠮᠵᠢᠴᠠ (效度᠂ Validity) ᠶᠢ ᠨᠢ ᠦᠨᠡᠯᠵᠦ᠂ ᠲᠤᠰ ᠬᠡᠮᠵᠢᠭᠦᠷ ᠬᠦᠰᠦᠨᠦᠭ ᠢ ᠰᠢᠯᠢᠳᠡᠭᠵᠢᠭᠦᠯᠦᠨ ᠰᠠᠢᠵᠢᠷᠠᠭᠤᠯᠬᠤ ᠪᠠ ᠰᠤᠳᠤᠯᠭᠠᠨ ᠳᠤ ᠬᠡᠷᠡᠭᠯᠡᠬᠦ ᠳᠦ ᠨᠠᠢᠳᠠᠪᠤᠷᠢᠲᠠ ᠪᠠᠷᠢᠮᠲᠠ ᠶᠢ ᠬᠠᠩᠭᠠᠨ᠎ᠠ᠃ ᠠᠷᠭ᠎ᠠ᠄ ᠤᠷᠢᠳ ᠢᠶᠠᠷ ᠣᠨᠣᠰᠢᠯᠠᠵᠤ ᠰᠤᠩᠭᠤᠭᠰᠠᠨ 240 ᠵᠢᠱᠢᠶ ᠡ ᠰᠠ ᠡᠪᠡᠳᠴᠢᠲᠡᠨ ᠢ ᠲᠠᠰᠢᠷᠠᠮ ᠰᠠᠴᠠᠭᠤ ᠪᠠᠷ ᠨᠢ ᠮᠣᠩᠭᠤᠯ ᠡᠮᠨᠡᠯᠭᠡ ᠶᠢᠨ ᠳᠤᠭᠤᠢᠯᠠᠩ᠂ ᠡᠸᠦ᠋ᠷᠦᠫᠡ ᠡᠮᠨᠡᠯᠭᠡ ᠶᠢᠨ ᠳᠤᠭᠤᠢᠯᠠᠩ (ᠳᠤᠭᠤᠢᠯᠠᠩ ᠪᠦᠷᠢ ᠳᠦ 120 ᠵᠢᠱᠢᠶ᠎ᠡ ᠨᠤᠭᠲᠠᠭᠤᠯᠤᠨ᠎᠎ᠠ) ᠭᠡᠵᠦ 2 ᠳᠤᠭᠤᠢᠯᠠᠩ ᠬᠤᠪᠢᠶᠠᠭᠠᠳ᠂ ᠮᠣᠩᠭᠤᠯ ᠡᠮᠨᠡᠯᠭᠡ ᠪᠡᠷ ᠰᠠ ᠡᠪᠡᠳᠺᠴᠢᠨ ᠢ ᠣᠨᠣᠰᠢᠯᠠᠬᠤ ᠬᠡᠮᠵᠢᠭᠦᠷ ᠬᠦᠰᠦᠨᠦᠭ ᠪᠡ ᠰᠠ ᠡᠪᠡᠳᠴᠢᠨ ᠦ ᠡᠮᠨᠡᠯ ᠦᠨ ᠠᠴᠢ ᠲᠤᠰᠠ ᠶᠢ ᠦᠨᠡᠯᠬᠦ ᠬᠡᠮᠵᠢᠭᠦᠷ ᠬᠦᠰᠦᠨᠦᠭ ᠢᠶᠡᠷ ᠬᠤᠪᠢ ᠲᠡᠮᠳᠡᠭᠯᠡᠨ᠎ᠡ; ᠡᠪᠡᠳᠴᠢᠲᠡᠳ ᠢ 5min ᠠᠮᠠᠷᠠᠭᠤᠯᠤᠭᠰᠠᠨ ᠤ ᠳᠠᠷᠠᠭ᠎ᠠ᠂ ᠮᠡᠳᠡᠷᠡᠯ ᠦᠨ ᠠᠵᠢᠯᠯᠠᠭ᠎ᠠ ᠶᠢᠨ ᠵᠡᠷᠡᠮᠳᠡᠭᠵᠢᠯ ᠦᠨ ᠬᠤᠪᠢ ᠲᠡᠮᠳᠡᠭᠯᠡᠬᠦ ᠪᠠᠷᠢᠮᠵᠢᠶ᠎ᠠ ᠬᠡᠮᠵᠢᠭᠦᠷ ᠬᠦᠰᠦᠨᠦᠭ (NIHSS)᠂ ᠡᠪᠡᠳᠴᠢᠲᠡᠨ ᠦ ᠶᠡᠷᠦᠩᠬᠡᠢ ᠠᠮᠢᠳᠤᠷᠠᠯ ᠤᠨ ᠴᠢᠳᠠᠪᠤᠷᠢ ᠶᠢᠨ ᠪᠠᠢᠳᠠᠯ ᠤᠨ ᠬᠦᠰᠦᠨᠦᠭ ᠪᠡ ᠠᠮᠢᠳᠤᠷᠠᠯ ᠤᠨ ᠴᠢᠨᠠᠷ ᠴᠢᠨᠰᠠᠭ᠎ᠠ ᠶᠢ ᠦᠨᠡᠯᠬᠦ ᠬᠡᠮᠵᠢᠭᠦᠷ ᠬᠦᠰᠦᠨᠦᠭ ( ADL)᠋ ᠤᠨ ᠱᠠᠭᠠᠷᠳᠠᠯᠭ᠎ᠠ ᠶᠤᠰᠤᠭᠠᠷ ᠦᠨᠡᠯᠡᠵᠦ ᠬᠤᠪᠢ ᠲᠡᠮᠳᠡᠭᠯᠡᠨ᠎ᠡ᠃ ᠰᠤᠳᠤᠯᠭᠠᠨ ᠳᠤ ᠰᠤᠩᠭᠤᠭᠰᠠᠨ ᠪᠤᠢ ᠪᠦᠬᠦᠢ ᠡᠪᠡᠳᠴᠢᠲᠡᠨ ᠢ ᠠᠳᠠᠯᠢ ᠨᠢᠭᠡ ᠰᠢᠯᠭᠠᠨ ᠪᠠᠢᠴᠠᠭᠠᠬᠤ ᠭᠠᠵᠠᠷ ᠪᠠ ᠠᠳᠠᠯᠢᠬᠠᠨ ᠨᠦᠬᠦᠴᠡᠯ ᠳᠤᠤᠷ᠎ᠠ ᠰᠢᠯᠭᠠᠨ ᠦᠨᠡᠯᠡᠬᠦ ᠶᠢ ᠱᠠᠭᠠᠷᠳᠠᠨ᠎ᠠ᠃ ᠰᠢᠯᠭᠠᠨ ᠪᠠᠢᠴᠠᠭᠠᠬᠤ ᠴᠠᠭ ᠤᠨ ᠲᠠᠯ᠎ᠠ ᠪᠠᠰᠷ᠂ ᠡᠪᠡᠳᠴᠢᠲᠡᠨ ᠢ ᠠᠩᠬ᠎ᠠ ᠡᠮᠨᠡᠯᠭᠡ ᠳᠦ ᠰᠠᠭᠤᠭᠠᠳ ᠵᠠᠰᠠᠭᠠᠳᠤᠢ ᠦᠶ᠎ᠡ ᠳᠦ ᠨᠢ 1 ᠤᠳᠠᠭ᠎ᠠ ᠦᠨᠡᠯᠡᠵᠦ᠂ ᠳᠠᠷᠠᠭ᠎ᠠ ᠨᠢ ᠮᠣᠩᠭᠤᠯ ᠡᠮᠨᠡᠯᠭᠡ ᠶᠢᠨ ᠳᠤᠭᠤᠢᠯᠠᠩ ᠤᠨ ᠬᠢ ᠶᠢ ᠮᠣᠩᠭᠤᠯ ᠡᠮᠨᠡᠯᠭᠡ ᠪᠡᠷ ᠰᠠ ᠡᠪᠡᠳᠴᠢᠨ ᠢ ᠵᠠᠰᠠᠬᠤ ᠵᠤᠷᠰᠢᠯ ᠲᠦᠰᠦᠪ ᠢᠶᠡᠷ ᠵᠠᠰᠠᠵᠤ᠂ ᠡᠸᠦ᠋ᠷᠦᠫᠡ ᠡᠮᠨᠡᠯᠭᠡ ᠪᠡᠷ ᠵᠠᠰᠠᠬᠤ ᠳᠤᠭᠤᠢᠯᠠᠩ ᠤᠨ ᠬᠢ ᠶᠢ ᠡᠸᠦ᠋ᠷᠦᠫᠡ ᠡᠮᠨᠡᠯᠭᠡ ᠪᠡᠷ ᠰᠠ ᠡᠪᠡᠳᠴᠢᠨ ᠢ ᠵᠠᠰᠠᠬᠤ ᠵᠤᠷᠰᠢᠯ ᠲᠦᠰᠦᠪ ᠢᠶᠡᠷ ᠵᠠᠰᠠᠬᠤᠨ 2 ᠭᠠᠷᠠᠭ ᠪᠤᠯᠤᠭᠰᠠᠨ ᠤ ᠳᠠᠷᠠᠭ᠎ᠠ ᠳᠠᠬᠢᠵᠤ 1 ᠤᠳᠠᠭ᠎ᠠ ᠰᠢᠯᠭᠠᠵᠤ ᠦᠨᠡᠯᠡᠨ᠎ᠡ᠃ 1 ᠰᠠᠷ᠎ᠠ ᠶᠢᠨ ᠳᠠᠷᠠᠭ᠎ᠠ ᠪᠠ 3 ᠰᠠᠷ᠎ᠠ ᠶᠢᠨ ᠳᠠᠷᠠᠭ᠎ᠠ ᠮᠦᠨ ᠠᠳᠠᠯᠢ ᠠᠷᠭ᠎ᠠ ᠪᠠᠷ ᠰᠢᠯᠭᠠᠨ ᠦᠨᠡᠯᠡᠵᠦ ᠬᠤᠪᠢ ᠲᠡᠮᠳᠡᠭᠯᠡᠨ᠎ᠡ᠃ ᠡᠢᠮᠦᠷᠭᠦᠦ ᠠᠷᠭ᠎ᠠ ᠶᠢ ᠬᠡᠷᠡᠭᠯᠡᠵᠦ᠂ ᠮᠣᠩᠭᠤᠯ ᠡᠮᠨᠡᠯᠭᠡ ᠪᠡᠷ ᠰᠠ ᠡᠪᠡᠳᠴᠢᠨ ᠢ ᠣᠨᠣᠰᠢᠯᠠᠬᠤ ᠬᠡᠮᠵᠢᠭᠦᠷ ᠬᠦᠰᠦᠨᠦᠭ ᠪᠡ ᠮᠣᠩᠭᠤᠯ ᠡᠮᠨᠡᠯᠭᠡ ᠶᠢᠨ ᠠᠴᠢ ᠲᠤᠰᠠ ᠶᠢ ᠦᠨᠡᠯᠡᠬᠦ ᠬᠡᠮᠵᠢᠭᠦᠷ ᠬᠦᠰᠦᠨᠦᠭ ᠦᠨ ᠢᠳᠡᠭᠡᠮᠵᠢᠴᠡ᠂ ᠠᠰᠢᠭᠯᠠᠮᠵᠢᠴᠠ᠂ ᠰᠤᠷᠭᠤᠭᠴᠠ (敏感度) ᠪᠠ ᠲᠤᠰᠠᠭᠯᠴᠠ (反应度᠂ Responsiveness) ᠶᠢ ᠨᠢ ᠦᠨᠡᠯᠡᠨ᠎ᠡ᠃ ᠦᠷ᠎ᠡ ᠳ᠋ᠦᠩ᠄ ᠮᠣᠩᠭᠤᠯ ᠡᠮᠨᠡᠯᠭᠡ ᠶᠢᠨ ᠳᠤᠭᠤᠢᠯᠠᠩ ᠪᠠ ᠡᠸᠦ᠋ᠷᠦᠫᠡ ᠡᠮᠨᠡᠯᠭᠡ ᠶᠢᠨ ᠳᠤᠭᠤᠢᠯᠠᠩ ᠤᠨ ᠰᠠ ᠡᠪᠡᠳᠴᠢᠨ ᠦ ᠡᠮᠨᠡᠯ ᠦᠨ ᠠᠴᠢ ᠲᠤᠰᠠ ᠶᠢ ᠦᠨᠡᠯᠡᠬᠦ ᠬᠡᠮᠵᠢᠭᠦᠷ ᠬᠦᠰᠦᠨᠦᠭ ᠦᠨ Cronbacha ᠢᠯᠡᠳᠭᠡᠮᠵᠢ ᠨᠢ 0.945~0.975᠂ ᠬᠠᠭᠠᠰ ᠢᠲᠡᠭᠡᠮᠵᠢᠴᠡ ᠶᠢᠨ ᠢᠯᠡᠳᠭᠡᠮᠵᠢ R=0.949~0.990 ᠪᠠᠢᠵᠤ᠂ ᠲᠤᠰ ᠬᠡᠮᠵᠢᠭᠦᠷ ᠬᠦᠰᠦᠨᠦᠭ ᠦᠨ ᠳᠤᠲᠤᠭᠠᠳᠤ ᠶᠢᠨ ᠨᠢᠭᠡᠲᠦᠯᠲᠦ ᠴᠢᠨᠠᠷ ᠨᠢ ᠨᠡᠯᠢᠶᠡᠳ ᠰᠠᠢᠨ ᠪᠠᠢᠬᠤ ᠶᠢ ᠬᠠᠷᠠᠭᠤᠯᠪᠠ; ᠰᠠ ᠡᠪᠡᠳᠴᠢᠨ ᠦ ᠡᠮᠨᠡᠯ ᠦᠨ ᠠᠴᠢ ᠲᠤᠰᠠ ᠶᠢ ᠦᠨᠡᠯᠬᠦ ᠬᠡᠮᠵᠢᠭᠦᠷ ᠬᠦᠰᠦᠨᠦᠭ ᠦᠨ 12 ᠵᠤᠢᠯ ᠢᠯᠭᠠᠯ ᠪᠤᠯᠤᠨ ᠶᠡᠷᠦᠩᠬᠡᠢ ᠬᠤᠪᠢ ᠶᠢᠨ ᠬᠤᠭᠤᠷᠤᠨᠳᠤ ᠪᠠᠨ ᠨᠡᠯᠢᠶᠡᠳ ᠳᠡᠭᠡᠳᠦ ᠬᠡᠮᠵᠢᠶᠡᠨ ᠦ ᠬᠤᠯᠪᠤᠭᠳᠠᠯ ᠲᠠᠢ (P<0.01) ᠪᠠᠢᠵᠤ᠂ ᠠᠭᠤᠯᠭ᠎ᠠ ᠶᠢᠨ ᠲᠠᠯ᠎ᠠ ᠶᠢᠨ ᠠᠰᠢᠭᠯᠠᠮᠵᠢᠴᠠ ᠨᠢ ᠨᠡᠯᠢᠶᠡᠳ ᠰᠠᠢᠨ ᠪᠤᠢᠫ; ᠰᠠ ᠡᠪᠡᠳᠴᠢᠨ ᠦ ᠡᠮᠨᠡᠯ ᠦᠨ ᠠᠴᠢ ᠲᠤᠰᠠ ᠶᠢ ᠦᠨᠡᠯᠡᠬᠦ ᠬᠡᠮᠵᠢᠭᠦᠷ ᠬᠦᠰᠦᠨᠦᠭ ᠪᠡ ᠮᠡᠳᠡᠷᠡᠯ ᠦᠨ ᠠᠵᠢᠯᠯᠠᠭ᠎ᠠ ᠶᠢᠨ ᠵᠡᠷᠡᠮᠳᠡᠭᠵᠢᠯ ᠦᠨ ᠬᠤᠪᠢ ᠲᠡᠮᠳᠡᠭᠯᠡᠬᠦ ᠪᠠᠷᠢᠮᠵᠢᠶ᠎ᠠ ᠬᠡᠮᠵᠢᠭᠦᠷ ᠬᠦᠰᠦᠨᠦᠭ ᠦᠨ ᠬᠤᠭᠤᠷᠤᠨᠳᠤᠬᠢ ᠬᠤᠯᠪᠤᠭᠳᠠᠯᠲᠤ ᠴᠢᠨᠠᠷ ᠨᠢ ᠨᠡᠯᠢᠶᠡᠳ ᠰᠠᠢᠨ (r=0.42~0.91᠂ P<0.01) ᠪᠤᠢ᠃ 2 ᠳᠤᠭᠤᠢᠯᠠᠩ ᠤᠨ ᠡᠮᠨᠡᠨ ᠵᠠᠰᠠᠬᠤ ᠶᠢᠨ ᠡᠮᠦᠨ᠎ᠡ ᠬᠤᠢᠨᠠᠬᠢ ᠰᠠ ᠡᠪᠡᠳᠴᠢᠨ ᠦ ᠡᠮᠨᠡᠯ ᠦᠨ ᠠᠴᠢ ᠲᠤᠰᠠ ᠶᠢ ᠦᠨᠡᠯᠡᠬᠦ ᠬᠡᠮᠵᠢᠭᠦᠷ ᠬᠦᠰᠦᠨᠦᠭ ᠦᠨ ᠶᠡᠷᠦᠩᠬᠡᠢ ᠬᠤᠪᠢ᠂ ᠭᠤᠤᠯ ᠰᠢᠨᠵᠢ ᠶᠢᠨ ᠬᠤᠪᠢ ᠪᠠ ᠳᠠᠭᠠᠯᠳᠤᠬᠤ ᠰᠢᠨᠵᠢ ᠶᠢᠨ ᠬᠤᠪᠢ ᠵᠡᠷᠭᠡ ᠶᠢ ᠬᠠᠷᠢᠴᠠᠭᠤᠯᠬᠤ ᠳᠤ᠂ ᠬᠤᠭᠤᠷᠤᠨᠳᠤ ᠪᠠᠨ ᠨᠡᠯᠢᠶᠡᠳ ᠵᠦᠷᠢᠶᠡᠨ ᠲᠡᠢ ᠪᠠᠢᠵᠤ ᠮᠣᠩᠭᠤᠯ ᠡᠮᠨᠡᠯᠭᠡ ᠪᠡᠷ ᠰᠠ ᠡᠪᠡᠳᠴᠢᠨ ᠢ ᠣᠨᠣᠰᠢᠯᠠᠬᠤ ᠬᠡᠮᠵᠢᠭᠦᠷ ᠬᠦᠰᠦᠨᠦᠭ ᠪᠡ ᠡᠮᠨᠡᠯ ᠦᠨ ᠠᠴᠢ ᠲᠤᠰᠠ ᠶᠢ ᠦᠨᠡᠯᠬᠦ ᠬᠡᠮᠵᠢᠭᠦᠷ ᠬᠦᠰᠦᠨᠦᠭ ᠦᠨ ᠰᠤᠷᠭᠤᠭᠴᠠ ᠨᠢ ᠨᠡᠯᠢᠶᠡᠳ ᠦᠨᠳᠦᠷ ᠪᠤᠢ᠃ ᠳ᠋ᠦᠩᠨᠡᠯᠲᠡ᠄ ᠮᠣᠩᠭᠤᠯ ᠡᠮᠨᠡᠯᠭᠡ ᠪᠡᠷ ᠰᠠ ᠡᠪᠡᠳᠴᠢᠨ ᠢ ᠣᠨᠣᠰᠢᠯᠠᠬᠤ ᠬᠡᠮᠵᠢᠭᠦᠷ ᠬᠦᠰᠦᠨᠦᠭ ᠪᠡ ᠡᠮᠨᠡᠯ ᠦᠨ ᠠᠴᠢ ᠲᠤᠰᠠ ᠶᠢ ᠦᠨᠡᠯᠡᠬᠦ ᠬᠡᠮᠵᠢᠭᠦᠷ ᠬᠦᠰᠦᠨᠦᠭ ᠦᠨ ᠳᠤᠲᠤᠭᠠᠳᠤ ᠶᠢᠨ ᠨᠢᠭᠡᠲᠦᠯᠲᠦ ᠴᠢᠨᠠᠷ᠂ ᠠᠭᠤᠯᠭ᠎ᠠ ᠶᠢᠨ ᠲᠠᠯ᠎ᠠ ᠪᠠᠷ ᠬᠢ ᠠᠰᠢᠭᠯᠠᠮᠵᠢᠴᠠ ᠵᠢᠴᠢ NIHSS ᠬᠡᠮᠵᠢᠭᠦᠷ ᠬᠦᠰᠦᠨᠦᠭ ᠯᠦᠭᠡ ᠶᠢᠨ ᠬᠤᠭᠤᠷᠤᠨᠳᠤᠬᠢ ᠬᠤᠯᠪᠤᠭᠳᠠᠯᠲᠤ ᠴᠢᠨᠠᠷ ᠤᠨ ᠰᠤᠳᠤᠯᠭᠠᠨ ᠤ ᠳ᠋ᠦᠩ ᠳᠦ᠂ ᠲᠡᠭᠦᠨ ᠦ ᠪᠠᠷᠢᠮᠵᠢᠶ᠎ᠠ ᠠᠰᠢᠭᠯᠠᠮᠵᠢᠴᠠ ᠨᠢ ᠴᠦᠮ ᠨᠡᠯᠢᠶᠡᠳ ᠰᠠᠢᠨ ᠪᠠᠢᠨ᠎ᠠ᠃ ᠡᠢᠮᠦ ᠡᠴᠡ᠂ ᠲᠡᠷᠡ ᠨᠢ ᠰᠠ ᠡᠪᠡᠳᠴᠢᠨ ᠦ ᠣᠨᠣᠰᠢᠯᠠᠭ᠎ᠠ ᠵᠠᠰᠠᠯᠭ᠎ᠠ ᠳᠤ ᠬᠡᠷᠡᠭᠯᠡᠵᠦ ᠪᠤᠯᠬᠤᠢᠴᠠ ᠨᠠᠢᠳᠠᠪᠤᠷᠢᠲᠠᠢ᠂ ᠠᠰᠢᠭᠯᠠᠮᠵᠢᠲᠠᠢ ᠪᠦᠭᠡᠳ ᠰᠤᠷᠭᠤᠭᠴᠠ ᠰᠠᠢᠲᠠᠢ ᠰᠢᠯᠭᠠᠵᠤ ᠦᠨᠡᠯᠡᠬᠦ ᠬᠡᠮᠵᠢᠭᠦᠷ ᠬᠦᠰᠦᠨᠦᠭ ᠪᠤᠯᠤᠨ᠎ᠠ᠃
原文 没有原文
出自 内蒙古民族大学学报(蒙医药学) 2015年 第2期

联系我们


内蒙古大学图书馆
呼和浩特市大学西路235号
中国·内蒙古
P: (0471) 4992561
E: huangfeilong@imu.edu.cn