摘要 |
ᠵᠤᠬᠢᠶᠠᠯᠴᠢ ᠪᠠᠳᠪᠠ ᠪᠠᠷ ᠬᠤᠷᠴᠢᠨ ᠨᠤᠳᠤᠭ ᠤᠨ ᠠᠮᠢᠳᠤ ᠶᠠᠷᠢᠶᠠᠨ ᠤ ᠬᠡᠯᠡ ᠵᠢ ᠤᠳᠬ᠎ᠠ ᠵᠤᠬᠢᠶᠠᠯ ᠤᠨ ᠬᠡᠯᠡᠨ ᠳᠤ ᠠᠭ᠋ᠤᠰᠭᠠᠨ ᠨᠡᠪᠴᠢᠬᠦᠯᠵᠦ᠂ ᠤᠷᠠᠨ ᠶᠦᠮᠦᠷ᠂ ᠪᠠᠶᠠᠯᠢᠭ ᠨᠦᠬᠡᠴᠢᠳᠡᠢ ᠨᠤᠳᠤᠭ ᠤᠨ ᠦᠭᠡ ᠵᠢ ᠡᠪ ᠵᠦᠢᠳᠡᠢ ᠰᠤᠩᠭᠤᠨ ᠠᠰᠢᠭᠯᠠᠵᠦ᠂ ᠤᠬᠠᠮᠨᠰᠠᠷ ᠲᠠᠢ ᠪᠡᠷ ᠵᠤᠬᠢᠶᠠᠯ ᠤᠨ ᠬᠡᠯᠡ ᠪᠡᠨ ᠬᠤᠷᠴᠢᠨ ᠤᠨᠴᠠᠯᠢᠭ ᠲᠠᠢ ᠪᠤᠯᠭ᠋ᠠᠬᠤ ᠵᠢ ᠵᠤᠷᠢᠵᠡᠢ᠃ ᠦᠬᠦᠯᠡᠯ ᠳᠤ ᠬᠤᠷᠴᠢᠨ ᠨᠤᠳᠤᠭ ᠤᠨ ᠠᠵᠦ ᠠᠮᠢᠳᠤᠷᠠᠯ᠂ ᠪᠠᠢᠭ᠋ᠠᠯᠢ ᠰᠤᠶᠤᠯ ᠤᠨ ᠤᠷᠴᠢᠨ᠂ ᠬᠡᠯᠡᠨ ᠤ ᠵᠠᠩᠰᠢᠯ ᠡᠴᠨ ᠭᠠᠷᠳᠡᠵᠦ᠂ ᠨᠤᠳᠤᠭ ᠤᠨ ᠦᠪᠡᠷᠮᠢᠴᠡ ᠬᠡᠯᠡ ᠬᠡᠯᠡᠯᠭᠡ ᠵᠢ ᠤᠨ᠋ᠤᠪᠴᠢᠳᠡᠢ ᠬᠡᠷᠡᠭᠯᠡᠵᠦ᠂ ᠤᠷᠠᠨ ᠶᠦᠮᠦᠷᠯᠢᠭ ᠬᠡᠯᠡᠵᠦ ᠢᠯᠡᠳᠭᠡᠨ᠂ ᠬᠤᠷᠴᠢᠨ ᠬᠡᠪ ᠨᠠᠮᠪᠠ ᠢᠯᠡᠷᠭᠡᠢ ᠬᠡᠵᠦ ᠤᠯᠠᠨ᠎ᠠ ᠮᠡᠳᠡᠷᠡᠭᠳᠡᠭᠰᠡᠨ ᠪᠠᠳᠪᠠ ᠶᠢᠨ ᠵᠤᠬᠢᠠᠯ ᠤᠨ ᠬᠡᠯᠡ ᠨᠠᠢᠷᠠᠭ᠋ᠤᠯᠭᠠ ᠶᠢᠨ ᠤᠨᠴᠠᠯᠢᠭ ᠰᠢᠨᠵᠢ ᠵᠢ ᠪᠤᠷᠤᠭᠵᠢᠭ᠋ᠤᠨ᠂ ᠲᠦᠷᠰᠦᠯᠢᠭ᠂ ᠶᠦᠮᠦᠷᠯᠢᠭ ᠭᠤᠷᠪᠠᠨ ᠲᠠᠯ᠎ᠠ ᠪᠠᠷ ᠵᠠᠳᠠᠯᠤᠯᠳᠠ ᠬᠢᠵᠦ᠂ ᠲᠡᠬᠦᠨ ᠤ ᠦᠪᠡᠷᠮᠢᠴᠡ ᠬᠡᠯᠡᠨ ᠤ ᠨᠠᠮᠪᠠ ᠵᠢ ᠤᠯᠠᠮ ᠨᠢᠭᠡ ᠠᠯᠭᠤᠮ ᠲᠤᠳᠤᠷᠠᠭ᠋ᠤᠯᠬᠤ ᠵᠢ ᠵᠤᠷᠢᠭᠰᠠᠨ ᠪᠠᠢᠨ ᠠ᠃ |