题名 |
ᠲᠦᠷᠭᠡᠨ ᠲᠠᠰᠢᠯᠲᠠ ᠶᠢᠨ ᠲᠠᠮᠢᠷᠴᠢᠨ ᠤ ᠲᠤᠰᠬᠠᠢ ᠲᠦᠷᠦᠯ ᠦᠨ ᠬᠦᠴᠦ ᠴᠢᠳᠠᠯ ᠢ ᠪᠤᠯᠪᠠᠰᠤᠷᠠᠭᠤᠯᠬᠤ ᠠᠷᠭ᠎ᠠ |
作者 |
ᠲᠠᠰᠢᠰᠦ᠋ᠷᠦᠩ |
关键词 |
ᠲᠦᠷᠭᠡᠨ ᠲᠠᠰᠢᠯᠲᠠ; ᠬᠦᠴᠦ ᠴᠢᠳᠠᠯ; ᠪᠤᠯᠪᠠᠰᠤᠷᠠᠯ ᠤᠨ ᠠᠷᠭ᠎ᠠ |
摘要 |
ᠲᠦᠷᠭᠡᠨ ᠲᠡᠰᠢᠬᠦ ᠲᠠᠮᠢᠷᠴᠢᠳ ᠤᠨ ᠲᠤᠰᠬᠠᠢ ᠲᠦᠷᠦᠯ ᠦᠨ ᠬᠦᠴᠦ ᠴᠢᠳᠠᠯ ᠨᠢ ᠲᠡᠭᠦᠨ ᠦ ᠪᠡᠶ᠎ᠡ ᠶᠢᠨ ᠴᠢᠳᠠᠯ ᠤᠨ ᠬᠦᠭᠵᠢᠯᠲᠡ ᠳᠦ ᠭᠤᠤᠯᠯᠠᠭᠴᠢ ᠦᠢᠯᠡᠳᠦᠯ ᠦᠵᠡᠭᠦᠯᠦᠨ᠂ ᠮᠦᠴᠦ ᠲᠡᠰᠢᠬᠦ ᠲᠤᠰᠬᠠᠢ ᠲᠦᠷᠦᠯ ᠦᠨ ᠮᠡᠷᠭᠡᠵᠢᠯ ᠢ ᠡᠵᠡᠮᠰᠢᠬᠦ ᠳᠦ ᠴᠢᠬᠤᠯᠠ ᠰᠠᠭᠤᠷᠢ ᠪᠤᠯᠬᠤ ᠶᠤᠮ᠃ ᠳᠡᠯᠡᠬᠡᠢ ᠶᠢᠨ ᠲᠦᠷᠭᠡᠨ ᠲᠡᠰᠢᠬᠦ ᠲᠠᠮᠢᠷᠴᠢᠳ ᠲᠠᠢ ᠠᠳᠠᠯᠢᠳᠬᠠᠪᠠᠯ᠂ ᠮᠠᠨ ᠤ ᠤᠯᠤᠰ ᠤᠨ ᠲᠠᠮᠢᠷᠴᠢᠳ ᠤᠨ ᠬᠦᠴᠦ ᠴᠢᠳᠠᠯ ᠤᠨ ᠪᠤᠯᠪᠠᠰᠤᠷᠠᠯ ᠨᠢ ᠬᠤᠷᠤ᠎ᠠ ᠵᠢᠯᠤᠭᠤᠳᠤᠯᠭ᠎ᠠ ᠶᠢᠨ ᠰᠡᠳᠬᠢᠮᠵᠢ᠂ ᠪᠤᠯᠪᠠᠰᠤᠷᠠᠯ ᠤᠨ ᠠᠷᠭ᠎ᠠ ᠪᠤᠯᠤᠨ ᠠᠴᠢᠶ᠎ᠠ ᠪᠠᠢᠷᠢᠯᠠᠭᠤᠯᠤᠯᠲᠠ ᠤᠨ ᠬᠤᠪᠢ ᠳᠤ᠂ ᠵᠤᠬᠢᠬᠤ ᠬᠡᠮᠵᠢᠶᠡᠨ ᠦ ᠵᠦᠷᠢᠶ ᠡ ᠨᠡᠢᠳᠡᠮ ᠣᠷᠤᠰᠢᠵᠤ ᠪᠠᠢᠨ᠎ᠠ᠃ ᠲᠦᠷᠭᠡᠨ ᠲᠡᠰᠢᠬᠦ ᠪᠡᠶ᠎ᠡ ᠲᠠᠮᠢᠷ ᠤᠨ ᠲᠤᠰᠬᠠᠢ ᠲᠦᠷᠦᠯ ᠦᠨ ᠬᠦᠴᠦ ᠴᠢᠳᠠᠯ ᠤᠨ ᠣᠨᠴᠠᠯᠢᠭ ᠢ ᠣᠨᠣᠯ ᠤᠨ ᠲᠠᠯ᠎ᠠ ᠠᠴᠠ ᠵᠦᠪ ᠲᠠᠨᠢᠬᠤ ᠨᠢ ᠪᠤᠯᠪᠠᠰᠤᠷᠠᠯ ᠢ ᠨᠢᠭᠡᠨ ᠵᠦᠪ ᠣᠨᠣᠪᠴᠢᠲᠠᠢ ᠵᠠᠮ ᠱᠤᠭᠤᠮ ᠪᠠᠷ ᠵᠠᠮᠨᠠᠭᠤᠯᠵᠤ ᠴᠢᠳᠠᠨ᠎ᠠ ᠭᠡᠵᠦ ᠦᠵᠡᠵᠦ ᠪᠤᠢ᠃ ᠲᠤᠰ ᠦᠭᠦᠯᠡᠯ ᠨᠢ᠂ ᠲᠦᠷᠭᠡᠨ ᠲᠠᠰᠢᠯᠲᠠ ᠶᠢᠨ ᠲᠠᠮᠢᠷᠴᠢᠳ ᠤᠨ ᠲᠤᠰᠬᠠᠢ ᠲᠦᠷᠦᠯ ᠦᠨ ᠬᠦᠴᠦ ᠴᠢᠳᠠᠯ ᠨᠢ ᠲᠤᠰᠬᠠᠢ ᠲᠦᠷᠦᠯ ᠦᠨ ᠮᠡᠷᠭᠡᠵᠢᠯ ᠦᠨ ᠬᠡᠷᠡᠭᠴᠡᠭᠡᠨ ᠳᠦ ᠨᠡᠢᠴᠡᠭᠰᠡᠨ ᠡᠨᠧᠷᠬᠢ ᠬᠠᠩᠭᠠᠬᠤ ᠣᠨᠴᠠᠯᠢᠭ᠂ ᠠᠯᠬᠤᠮ ᠲᠠᠷᠬᠠᠭᠠᠲᠤ ᠣᠨᠴᠠᠯᠢᠭ᠂ ᠲᠠᠮᠢᠷᠴᠢᠳ ᠤᠨ ᠣᠨᠴᠠᠯᠢᠭ ᠲᠤ ᠴᠢᠭᠯᠡᠭᠦᠯᠦᠨ ᠠᠳᠠᠯᠢ ᠪᠤᠰᠤ ᠪᠠᠷ ᠬᠠᠨᠳᠤᠬᠤ ᠵᠡᠷᠭᠡ ᠪᠤᠯᠪᠠᠰᠤᠷᠠᠯ ᠤᠨ ᠠᠷᠭ᠎ᠠ ᠬᠡᠮᠵᠢᠶ᠎ᠡ ᠶᠢ ᠬᠠᠮᠲᠤ ᠳᠤᠨᠢ ᠬᠠᠷᠠᠭᠠᠯᠵᠠᠭᠤᠯᠵᠤ᠂ ᠴᠢᠨᠠᠭᠰᠢᠲᠠ ᠬᠠᠮᠤᠭ ᠤᠨ ᠶᠡᠬᠡ ᠬᠦᠴᠦ ᠴᠢᠳᠠᠯ ᠬᠢᠭᠡᠳ ᠬᠤᠷᠳᠤᠴᠠ ᠲᠠᠢ ᠬᠦᠴᠦ ᠴᠢᠳᠠᠯ ᠤᠨ ᠪᠤᠯᠪᠠᠰᠤᠷᠠᠯ ᠤᠨ ᠠᠷᠭ᠎ᠠ ᠬᠡᠮᠵᠢᠶ᠎ᠡ᠂ ᠬᠦᠴᠦ ᠴᠢᠳᠠᠯ ᠤᠨ ᠲᠡᠰᠪᠦᠷᠢ ᠶᠢ ᠳᠡᠭᠡᠭᠰᠢᠯᠡᠭᠦᠯᠬᠦ ᠠᠷᠭ᠎ᠠ ᠬᠡᠮᠵᠢᠶ᠎ᠡ ᠶᠢ ᠦᠭᠦᠯᠡᠭᠰᠡᠨ ᠪᠠᠢᠨ᠎ᠠ᠃ |
原文 |
没有原文
|
出自 |
内蒙古师范大学学报(自然科学蒙古文版)
2014年
第1期
|