| 题名 | 
                ᠮᠣᠩᠭ᠋ᠤᠯ ᠬᠡᠯᠡ ᠪᠢᠴᠢᠭ᠌ ᠤᠨ ᠰᠤᠷᠠᠭ ᠵᠠᠩᠭᠢ ᠰᠢᠢᠳᠪᠦᠷᠢᠯᠡᠯᠲᠡ ᠶᠢᠨ ᠲᠠᠯ ᠠ ᠡᠴᠡ ᠵᠢᠩᠭᠢᠨᠢ ᠨᠡᠷ ᠡ ᠶᠢᠨ ᠤᠳᠬ ᠠ ᠶᠢᠨ ᠲᠦᠷᠦᠯ  ᠤᠨ ᠤᠶᠠᠯᠳᠤᠭᠠ ᠵᠢ ᠰᠣᠳᠤᠯᠬᠤ ᠨᠢ | 
            
            
                | 作者 | 
                ᠳ᠋ᠣᠺᠲ᠋ᠤᠷ ᠬᠠᠢ ᠶᠢᠨ ᠬᠤᠸᠠ | 
            
            
                | 关键词 | 
                ᠮᠣᠩᠭ᠋ᠤᠯ ᠬᠡᠯᠡ ᠪᠢᠴᠢᠭ᠌ ᠤᠨ ᠰᠤᠷᠠᠭ ᠵᠠᠩᠭᠢ ᠰᠢᠢᠳᠪᠦᠷᠢᠯᠡᠯᠲᠡ; ᠵᠢᠩᠭᠢᠨᠢ ᠨᠡᠷ ᠡ; ᠤᠶᠠᠯᠳᠤᠭ᠋ ᠠ ᠰᠣᠳᠣᠯᠣᠯ | 
            
            
                | 摘要 | 
                ᠬᠡᠯᠡᠨ ᠤ ᠤᠳᠬ ᠠ ᠰᠣᠳᠣᠯᠣᠯ ᠢ ᠨᠠᠢᠢᠷᠠᠬᠤ ᠬᠠᠷᠢᠴᠠᠭ᠋ ᠠ ᠬᠦᠷᠲᠡᠯ ᠠ ᠦᠷᠭᠡᠳᠭᠡᠪᠡᠯ᠂ᠤᠳᠬ ᠠ ᠪᠠ ᠬᠡᠯᠡ ᠵᠦᠢ ᠶᠢᠨ ᠬᠠᠷᠢᠴᠠᠭᠠᠨ ᠤ ᠠᠰᠠᠭᠤᠳᠠᠯ ᠵᠠᠢᠢᠯᠠᠰᠢ ᠦᠭᠡᠢ ᠢᠯᠡᠷᠡᠵᠦ᠂ ᠦᠭᠡᠰ ᠤᠨ ᠤᠶᠠᠯᠳᠤᠭᠠᠨ ᠤ ᠠᠰᠠᠭᠤᠳᠠᠯ ᠡᠩ ᠲᠡᠷᠢᠭᠦᠨ ᠳᠤ ᠬᠣᠯᠪᠤᠭᠳᠠᠬᠤ ᠤᠴᠢᠷ ᠡᠴᠡ ᠬᠡᠯᠡ ᠰᠢᠨᠵᠢᠯᠡᠯ᠂ ᠬᠡᠯᠡ ᠤ ᠰᠤᠷᠭᠠᠯᠲᠠ ᠵᠡᠷᠭᠡ ᠳᠤ ᠦᠭᠡᠰ ᠤᠨ ᠤᠶᠠᠯᠳᠤᠭᠠᠨ ᠤ ᠲᠣᠬᠠᠢ ᠴᠢᠬᠤᠯᠠᠴᠢᠯᠠᠨ ᠰᠣᠳᠤᠯᠬᠤ ᠪᠣᠯᠵᠠᠢ᠃ ᠪᠠᠢᠢᠭᠠᠵᠢ ᠬᠡᠯᠡᠨ ᠤ ᠰᠤᠷᠠᠭ ᠵᠠᠩᠭᠢ ᠰᠢᠢᠳᠪᠦᠷᠢᠯᠡᠯᠲᠡ ᠶᠢᠨ ᠮᠠᠰᠢᠨ ᠣᠷᠴᠢᠭᠤᠯᠭ᠋ ᠠ ᠬᠢᠬᠦ᠂ᠠᠦ᠋ᠲ᠋ᠤᠴᠢᠯᠠᠨ ᠬᠠᠷᠭᠤᠭᠤᠯᠤᠲᠠ ᠬᠢᠬᠦ᠂ ᠲᠧᠺᠰᠲ ᠬᠠᠢᠢᠬᠤ ᠵᠡᠷᠭᠡ ᠣᠯᠠᠨ ᠲᠦᠷᠦᠯ ᠤᠨ ᠬᠡᠷᠡᠭᠯᠡᠭᠡᠨ ᠳᠤ ᠦᠭᠡ ᠬᠡᠯᠬᠢᠴᠡ᠂ ᠪᠡ ᠦᠭᠦᠯᠡᠪᠦᠷᠢ ᠶᠢᠨ ᠤᠳᠬ ᠠ ᠵᠢ ᠺᠣᠮᠫᠢᠤ᠋ᠲ᠋ᠧᠷ ᠲᠤ ᠣᠢᠯᠠᠭᠠᠭᠤᠯᠵᠤ ᠠᠦ᠋ᠲ᠋ᠤᠴᠢᠯᠠᠨ ᠰᠢᠢᠳᠪᠦᠷᠢᠯᠠᠬᠦ ᠳᠤ ᠵᠢᠩᠭᠢᠨᠢ ᠨᠡᠷ ᠡ ᠶᠢᠨ ᠲᠣᠲᠤᠭᠠᠳᠤ ᠶᠢᠨ ᠤᠳᠬ ᠠ ᠶᠢᠨ ᠲᠦᠷᠦᠯ ᠤᠨ ᠤᠶᠠᠯᠳᠤᠭ᠋ ᠠ ᠰᠣᠳᠣᠯᠣᠯ ᠨᠢ ᠬᠡᠯᠪᠡᠷᠢᠴᠢᠯᠡᠭᠰᠡᠨ ᠬᠡᠯᠡᠨ ᠤ ᠮᠡᠳᠡᠯᠭᠡ ᠬᠠᠩᠭᠠᠬᠤ ᠪᠣᠯᠤᠨ᠌ ᠠ᠃ ᠦᠭᠦᠯᠡᠯ ᠳᠤ ᠰᠣᠳᠤᠯᠭᠠᠨ ᠤ ᠰᠡᠳᠦᠪ ᠲᠤ ᠬᠤᠯᠪᠤᠭᠳᠠᠭᠤᠯᠤᠨ ᠤᠶᠠᠯᠳᠤᠯᠭ᠋ ᠠ ᠬᠢᠭᠡᠳ ᠲᠡᠭᠦᠨ ᠤ ᠣᠨᠴᠠᠯᠢᠭ᠂ᠲᠦᠷᠦᠯ ᠵᠦᠢᠯ ᠂ ᠰᠣᠳᠤᠯᠭᠠᠨ ᠤ ᠬᠠᠷᠭᠠᠰᠤ ᠵᠡᠷᠭᠡ ᠣᠨᠤᠯ  ᠤᠨ ᠵᠠᠷᠢᠮ ᠠᠰᠠᠭᠤᠳᠠᠯ ᠢ ᠲᠣᠳᠤᠷᠬᠠᠢᠯᠠᠭᠰᠠᠨ ᠰᠠᠭᠤᠷᠢ ᠲᠡᠭᠡᠷ ᠡ᠂ᠵᠢᠩᠭᠢᠨᠢ ᠨᠡᠷ ᠡ ᠶᠢᠨ ᠤᠳᠬ ᠠ ᠶᠢᠨ ᠲᠦᠷᠦᠯ ᠤᠨ ᠤᠶᠠᠯᠳᠤᠭ᠋ ᠠ ᠵᠢ ᠰᠣᠳᠤᠯᠭᠤ ᠠᠷᠭ᠋ ᠠ ᠶᠠᠪᠤᠴᠠ᠂ ᠤᠶᠠᠯᠳᠤᠭᠠᠨ ᠤ ᠲᠦᠷᠢᠮ ᠪᠠ ᠲᠡᠭᠦᠨ ᠤ ᠦᠯᠢᠭᠡᠷ ᠵᠢᠱᠢᠶ ᠡ ᠵᠡᠷᠭᠡ ᠵᠢ ᠰᠢᠨᠵᠢᠯᠡᠨ ᠦᠭᠦᠯᠡᠪᠡ᠃ | 
            
            
                | 原文 | 
                
                    
                    查看原文
                    
                 | 
            
          
            | 出自 | 
            
              内蒙古社会科学(蒙文版)
              2011年
               第5期
             |