摘要 |
ᠲᠤᠰ ᠦᠭᠦᠯᠡᠯ ᠳᠦ ᠂ ᠮᠣᠩ᠋ᠭᠤᠯ ᠵᠠᠩ ᠦᠢᠯᠡ ᠶᠢᠨ ᠡᠭᠦᠰᠦᠯ ᠬᠦᠭ᠍ᠵᠢᠯ ᠦᠨ ᠦᠪᠡᠷᠮᠢᠴᠡ ᠣᠨᠴᠠᠯᠢᠭ ᠢ ᠬᠠᠢ᠌ᠨ ᠰᠢᠨᠵᠢᠬᠦ ᠳᠦ ᠪᠡᠨ ᠮᠣᠩ᠋ᠭᠤᠯ ᠵᠠᠩ ᠦᠢᠯᠡ ᠶᠢᠨ ᠡᠭᠦᠰᠦᠯ ᠦᠨ ᠰᠤᠷᠪᠤᠯᠵᠢ᠂ ᠦᠨᠳᠦᠰᠦ ᠰᠠᠭᠤᠷᠢ᠂ ᠤᠯᠠᠮᠵᠢᠯᠠᠯ ᠵᠠᠯᠭᠠᠮᠵᠢᠯᠠᠯ᠂ ᠤᠯᠠᠷᠢᠯ ᠬᠤᠪᠢᠷᠠᠯ ᠵᠡᠷᠭᠡ ᠬᠡᠳᠦᠨ ᠲᠠᠯ᠎ᠠ ᠠᠴᠠ ᠪᠤᠳᠠᠲᠤ ᠵᠠᠳᠠᠯᠤᠯᠲᠠ ᠭᠡᠵᠦ᠂ ᠮᠣᠩ᠋ᠭᠤᠯ ᠵᠠᠩ ᠦᠢᠯᠡ ᠨᠢ ᠡᠭᠦᠰᠴᠦ ᠬᠦᠭ᠍ᠵᠢᠬᠦ ᠳᠦ ᠪᠡᠨ ᠤᠮᠠᠷᠠᠲᠤ ᠶᠢᠨ ᠨᠡᠭᠦᠳᠡᠯᠴᠢᠳ ᠦᠨ ᠨᠡᠢ᠌ᠯᠡᠯᠢᠭ ᠰᠤᠶᠤᠯ ᠠᠴᠠ ᠡᠭᠦᠰᠪᠦᠷᠢᠯᠡᠵᠦ᠂ ᠦᠪᠡᠷᠮᠢᠴᠡ ᠣᠨᠴᠠᠯᠢᠭ ᠢᠶᠠᠷ ᠢᠶᠠᠨ ᠲᠤᠳᠤᠷᠠᠭᠰᠠᠨ; ᠨᠡᠭᠦᠳᠡᠯ ᠮᠠᠯᠵᠢᠯ ᠤᠨ ᠠᠵᠤ ᠠᠬᠤᠢ ᠳᠤ ᠰᠠᠭᠤᠷᠢᠯᠠᠵᠤ᠂ ᠪᠠᠶᠠᠯᠢᠭ ᠠᠭᠤᠯᠭ᠎ᠠ ᠪᠠᠷ ᠳᠡᠯᠡᠰᠢᠷᠡᠭᠰᠡᠨ; ᠤᠤᠷ ᠰᠤᠶᠤᠯ ᠤᠨ ᠤᠯᠠᠮᠵᠢᠯᠠᠯ ᠢᠶᠠᠨ ᠵᠠᠯᠭᠠᠮᠵᠢᠯᠠᠵᠤ᠂ ᠤᠤᠭᠠᠯ ᠰᠢᠨᠵᠢ ᠪᠡᠨ ᠬᠠᠳᠠᠭᠠᠯᠠᠭᠰᠠᠨ; ᠴᠠᠭ ᠦᠶ᠎ᠡ ᠶᠢᠨ ᠬᠦᠭ᠍ᠵᠢᠯ ᠲᠡᠢ ᠵᠤᠬᠢᠴᠠᠵᠤ᠂ ᠠᠮᠢᠯᠠᠯ ᠤᠨ ᠬᠦᠴᠦᠨ ᠢᠶᠡᠨ ᠭᠠᠢ᠌ᠬᠠᠭᠤᠯᠤᠭᠰᠠᠨ ᠦᠪᠡᠷᠮᠢᠴᠡ ᠣᠨᠴᠠᠯᠢᠭ ᠲᠠᠢ ᠭᠡᠵᠦ ᠬᠤᠷᠢᠶᠠᠩ᠋ᠭᠤᠢ᠌ᠯᠠᠨ ᠰᠢᠨᠵᠢᠯᠡᠪᠡ᠃ |