题名 |
ᠮᠣᠩᠭᠤᠯ ᠤᠳᠬ᠎ᠠ ᠵᠤᠬᠢᠶᠠᠯ ᠰᠤᠳᠤᠯᠤᠯ ᠳᠤ 《ᠲᠤᠭᠤᠵᠢ》 ᠭᠡᠳᠡᠭ ᠦᠭᠡ ᠶᠢ ᠬᠡᠷᠬᠢᠨ ᠣᠢᠯᠠᠭᠠᠬᠤ ᠲᠤᠬᠠᠢ ᠵᠦᠪᠯᠡᠮᠵᠢ — 《ᠰᠡᠳᠡᠷᠵᠠᠪ ᠤᠨ ᠲᠤᠭᠤᠵᠢ》᠂ 《ᠠᠯᠠᠭ ᠲᠠᠭ᠎ᠠ ᠶᠢᠨ ᠲᠤᠭᠤᠵᠢ》 ᠶᠢᠨ ᠵᠢᠱᠢᠶᠡᠨ ᠳᠡᠭᠡᠷ᠎ᠡ |
作者 |
ᠪᠤᠯᠤᠷᠴᠡᠴᠡᠭ᠌ |
关键词 |
ᠤᠳᠬ᠎ᠠ ᠵᠤᠬᠢᠶᠠᠯ ᠰᠤᠳᠤᠯᠤᠯ; ᠲᠤᠭᠤᠵᠢ; ᠶᠠᠪᠠᠭᠠᠨ ᠦᠯᠢᠭᠡᠷ |
摘要 |
ᠰᠢᠨᠵᠢᠶᠠᠩ ᠤᠨ ᠣᠢᠷᠠᠳ ᠮᠣᠩᠭᠤᠯᠴᠤᠳ ᠤᠨ ᠳᠤᠮᠳᠠ ᠦᠷᠭᠡᠨ ᠢᠶᠡᠷ ᠳᠠᠷᠬᠠᠨ ᠳᠡᠯᠭᠡᠷᠡᠭᠰᠡᠨ 《ᠰᠡᠳᠡᠷᠵᠠᠪ ᠤᠨ ᠲᠤᠭᠤᠵᠢ》 ᠬᠢᠭᠡᠳ 《ᠠᠯᠠᠭ ᠲᠠᠭ᠎ᠠ ᠶᠢᠨ ᠲᠤᠭᠤᠵᠢ》 ᠬᠡᠮᠡᠬᠦ ᠬᠤᠶᠠᠷ ᠲᠤᠭᠤᠵᠢ ᠶᠢ ᠣᠢᠷᠠᠳ ᠠᠮᠠᠨ ᠠᠶᠠᠯᠭᠤᠨ ᠤ ᠡᠨᠳᠡᠭᠦᠦ ᠣᠢᠯᠠᠭᠠᠯᠲᠠ ᠠᠴᠠ ᠪᠤᠯᠵᠤ᠂ ᠡᠷᠳᠡᠮᠲᠡᠳ ᠡᠴᠡ ᠲᠡᠳᠡᠭᠡᠷ ᠢ ᠲᠤᠭᠤᠵᠢᠰ ᠤᠨ ᠪᠦᠯᠦᠭ ᠲᠦ ᠠᠩᠭᠢᠯᠠᠵᠤ᠂ ᠣᠢᠷᠠᠳ ᠤᠨ ᠡᠷᠲᠡᠨ ᠦ ᠰᠢᠯᠢᠳᠡᠭ ᠦᠭᠦᠯᠡᠯᠭᠡ ᠬᠡᠮᠡᠨ ᠦᠨᠡᠯᠡᠨ ᠰᠤᠳᠤᠯᠤᠭᠰᠠᠭᠠᠷ ᠢᠷᠡᠭᠰᠡᠨ ᠪᠢᠯᠡ᠃ ᠭᠡᠪᠡᠴᠦ ᠲᠡᠷᠡ ᠨᠢ ᠤᠯᠠᠮᠵᠢᠯᠠᠭᠳᠠᠨ ᠲᠠᠷᠬᠠᠭᠰᠠᠨ ᠪᠠᠢᠳᠠᠯ ᠵᠢᠴᠢ ᠵᠤᠬᠢᠶᠠᠮᠵᠢ ᠬᠡᠯᠪᠡᠷᠢ᠂ ᠬᠡᠯᠡ ᠨᠠᠢᠷᠠᠭᠤᠯᠭ᠎ᠠ ᠵᠡᠷᠭᠡ ᠲᠠᠯ᠎ᠠ ᠪᠠᠷ ᠢᠶᠠᠨ ᠠᠮᠠᠨ ᠵᠤᠬᠢᠶᠠᠯ ᠤᠨ ᠤᠯᠠ ᠮᠦᠷ ᠢᠯᠡ ᠲᠤᠳᠤ ᠪᠠᠢᠵᠤ᠂ ᠦᠨᠡᠨ ᠳᠦ ᠪᠡᠨ ᠶᠠᠪᠠᠭᠠᠨ ᠦᠯᠢᠭᠡᠷ ᠪᠤᠯᠬᠤ ᠶᠤᠮ᠃ ᠡᠨᠡ ᠬᠦ ᠬᠤᠶᠠᠷ ᠲᠤᠭᠤᠵᠢ ᠶᠢ ᠪᠢᠴᠢᠭ ᠦᠨ ᠵᠤᠬᠢᠶᠠᠯ ᠳᠤ ᠪᠠᠭᠲᠠᠭᠠᠭᠰᠠᠨ ᠡᠨᠳᠡᠭᠦᠷᠡᠯ ᠦᠨ ᠰᠢᠯᠲᠠᠭᠠᠨ ᠢ ᠵᠠᠳᠠᠯᠬᠤ ᠶᠢᠨ ᠳᠠᠭᠠᠤ ᠲᠡᠭᠦᠨ ᠢ ᠠᠮᠠᠨ ᠵᠤᠬᠢᠶᠠᠯ ᠤᠨ ᠡᠭᠦᠳᠡᠨ ᠡᠴᠡ ᠰᠢᠨᠵᠢᠯᠡᠨ ᠦᠵᠡᠪᠡᠯ᠂ ᠲᠡᠷᠡ ᠨᠢ ᠶᠠᠪᠠᠭᠠᠨ ᠦᠯᠢᠭᠡᠷ ᠦᠨ ᠪᠦᠲᠦᠭᠡᠯ ᠮᠦᠨ᠃ |
原文 |
没有原文
|
出自 |
蒙古学研究
2015年
第3期
|