题名 |
ᠤᠶᠠᠯᠳᠤᠭᠠᠨ ᠤ ᠰᠠᠩ ᠳᠤ ᠰᠠᠭᠤᠷᠢᠯᠠᠭᠰᠠᠨ ᠮᠣᠩᠭᠤᠯ ᠬᠡᠯᠡᠨ ᠦ ᠢᠵᠢᠯᠢ ᠪᠢᠴᠢᠯᠭᠡᠲᠦ ᠦᠭᠡᠰ ᠦᠨ ᠰᠠᠯᠠᠭ᠎ᠠ ᠤᠳᠬ᠎ᠠ ᠶᠢ ᠢᠯᠭᠠᠬᠤ ᠠᠷᠭ᠎ᠠ |
作者 |
ᠬᠠᠰ |
关键词 |
ᠬᠡᠯᠡᠨ ᠦ ᠮᠠᠲ᠋ᠧᠷᠢᠶᠠᠯ ᠤᠨ ᠬᠦᠮᠦᠷᠭᠡ; ᠢᠵᠢᠯᠢ ᠪᠢᠴᠢᠯᠭᠡᠲᠦ ᠦᠭᠡᠰ; ᠤᠶᠠᠯᠳᠤᠭᠠᠨ ᠤ ᠰᠠᠩ |
摘要 |
ᠬᠡᠯᠡᠨ ᠦ ᠮᠠᠲ᠋ᠧᠷᠢᠶᠠᠯ ᠤᠨ ᠬᠦᠮᠦᠷᠭᠡ ᠶᠢ ᠠᠰᠢᠭᠯᠠᠭᠰᠠᠨ ᠮᠣᠩᠭᠤᠯ ᠬᠡᠯᠡᠨ ᠦ ᠤᠳᠬ᠎ᠠ ᠶᠢᠨ ᠰᠤᠳᠤᠯᠭᠠᠨ ᠳᠤ ᠬᠦᠮᠦᠷᠭᠡ ᠳᠡᠬᠢ ᠢᠵᠢᠯᠢ ᠪᠢᠴᠢᠯᠭᠡᠲᠦ ᠦᠭᠡᠰ ᠦᠨ ᠰᠠᠯᠠᠭ᠎ᠠ ᠤᠳᠬ᠎ᠠ ᠶᠢ ᠢᠯᠭᠠᠬᠤ ᠠᠵᠢᠯ ᠠᠷᠪᠢᠨ ᠲᠤᠬᠢᠶᠠᠯᠳᠤᠳᠠᠭ᠃ ᠳᠠᠷᠤᠢ ᠬᠡᠯᠡᠨ ᠦ ᠮᠠᠲ᠋ᠧᠷᠢᠶᠠᠯ ᠤᠨ ᠬᠦᠮᠦᠭᠡ ᠳᠡᠬᠢ ᠢᠵᠢᠯᠢ ᠪᠢᠴᠢᠯᠭᠡᠲᠦ ᠦᠭᠡ ᠶᠢᠨ ᠶᠠᠮᠠᠷ ᠤᠳᠬ᠎ᠠ ᠪᠠᠷ ᠬᠡᠷᠡᠭᠯᠡᠭᠳᠡᠵᠦ ᠪᠠᠢᠬᠤ ᠶᠢ ᠢᠯᠭᠠᠨ ᠲᠤᠳᠤᠯᠠᠵᠤ᠂ ᠲᠡᠷᠡᠴᠢᠯᠡᠨ ᠡᠨᠡᠬᠦ ᠢᠵᠢᠯᠢ ᠪᠢᠴᠢᠯᠭᠡᠲᠦ ᠦᠭᠡ ᠨᠡᠢᠲᠡ ᠬᠡᠳᠦᠢ ᠤᠳᠠᠭ᠎ᠠ ᠢᠯᠡᠷᠡᠭᠰᠡᠨ᠂ ᠠᠳᠠᠯᠢ ᠪᠤᠰᠤ ᠦᠭᠡᠰ ᠦᠨ ᠠᠢᠮᠠᠭ᠂ ᠠᠳᠠᠯᠢ ᠪᠤᠰᠤ ᠤᠳᠬ᠎ᠠ ᠪᠠᠷ ᠲᠤᠰᠪᠤᠷᠢ ᠬᠡᠳᠦᠢ ᠢᠯᠡᠷᠡᠭᠰᠡᠨ ᠢ ᠤᠯᠠᠮ ᠨᠢᠭᠡ ᠠᠯᠬᠤᠮ ᠲᠤᠳᠤᠷᠬᠠᠢᠯᠠᠵᠤ ᠪᠦᠷᠢᠳᠭᠡᠬᠦ ᠴᠢᠬᠤᠯᠠ ᠲᠠᠢ᠃ ᠮᠣᠩᠭᠤᠯ ᠬᠡᠯᠡᠨ ᠦ ᠮᠠᠲ᠋ᠧᠷᠢᠶᠠᠯ ᠳᠠᠬᠢ ᠢᠵᠢᠯᠢ ᠪᠢᠴᠢᠯᠭᠡᠲᠦ ᠦᠭᠡ ᠶᠢᠨ ᠪᠢᠴᠢᠯᠭᠡ᠂ ᠳᠠᠭᠤᠳᠠᠯᠭ᠎ᠠ᠂ ᠦᠭᠡᠰ ᠦᠨ ᠠᠩᠭᠢᠯᠠᠯ᠂ ᠤᠳᠬ᠎ᠠ᠂ ᠤᠶᠠᠯᠳᠤᠭᠠᠨ ᠤ ᠣᠨᠴᠠᠯᠢᠭ ᠵᠡᠷᠭᠡ ᠶᠢ ᠺᠤᠮᠫᠢᠦ᠋ᠲ᠋ᠧᠷ ᠲᠤ ᠵᠦᠪ ᠢᠶᠡᠷ ᠲᠠᠨᠢᠭᠤᠯᠵᠤ᠂ ᠬᠡᠯᠡᠨ ᠦ ᠮᠠᠲ᠋ᠧᠷᠢᠶᠠᠯ ᠳᠤ ᠦᠭᠡ ᠵᠦᠢ᠂ ᠦᠭᠦᠯᠡᠪᠦᠷᠢ ᠵᠦᠢ᠂ ᠤᠳᠬ᠎ᠠ ᠵᠦᠢ ᠶᠢᠨ ᠠᠦ᠋ᠲ᠋ᠤ᠋ ᠵᠠᠳᠠᠯᠤᠯᠲᠠ ᠬᠢᠬᠦ ᠦᠷ᠎ᠡ ᠪᠦᠲᠦᠮᠵᠢ ᠶᠢ ᠳᠡᠭᠡᠭᠰᠢᠯᠡᠭᠦᠯᠬᠦ ᠵᠤᠷᠢᠯᠭ᠎ᠠ ᠪᠠᠷ 《ᠢᠵᠢᠯᠢ ᠪᠢᠴᠢᠯᠭᠡᠲᠦ ᠦᠭᠡ ᠶᠢᠨ ᠰᠤᠷᠠᠭ ᠵᠠᠩᠭᠢ ᠶᠢᠨ ᠲᠤᠯᠢ》 ᠶᠢ ᠪᠤᠯᠪᠠᠰᠤᠷᠠᠭᠤᠯᠤᠭᠰᠠᠨ ᠶᠤᠮ᠃ ᠲᠤᠯᠢ ᠳᠤ ᠪᠢᠴᠢᠯᠭᠡ ᠶᠢ ᠠᠳᠠᠯᠢ᠂ ᠦᠭᠡᠰ ᠦᠨ ᠠᠢᠮᠠᠭ ᠨᠢ ᠠᠳᠠᠯᠢ᠂ ᠭᠡᠪᠡᠴᠦ ᠤᠳᠬ᠎ᠠ ᠨᠢ ᠠᠳᠠᠯᠢ ᠪᠤᠰᠤ ᠦᠭᠡᠰ ᠢ 《ILGAHV》 ᠬᠡᠮᠵᠢᠭᠳᠡᠯ ᠦᠨ ᠲᠠᠰᠤᠯᠪᠤᠷᠢ ᠪᠠᠷ ᠢᠯᠭᠠᠨ ᠲᠤᠳᠤᠷᠬᠠᠢᠯᠠᠵᠠᠢ᠃ ᠬᠡᠯᠡᠨ ᠦ ᠮᠠᠲ᠋ᠧᠷᠢᠶᠠᠯ ᠤᠨ ᠬᠦᠮᠦᠷᠭᠡ ᠳᠦ ᠢᠵᠢᠯᠢ ᠪᠢᠴᠢᠯᠭᠡᠲᠦ ᠦᠭᠡᠰ ᠦᠨ ᠬᠠᠷᠢᠴᠠᠯ ᠶᠡᠬᠡ ᠪᠠᠢᠳᠠᠭ ᠪᠤᠯᠬᠤᠷ ᠬᠦᠮᠦᠨ ᠦ ᠬᠦᠴᠦ ᠪᠡᠷ ᠢᠯᠭᠠᠨ ᠲᠤᠳᠤᠷᠬᠠᠢᠯᠠᠬᠤ ᠨᠢ ᠴᠠᠭ ᠬᠦᠳᠡᠯᠮᠦᠷᠢ ᠠᠷᠪᠢᠨ ᠵᠠᠷᠤᠴᠠᠭᠤᠯᠤᠨ᠎ᠠ᠃ ᠬᠠᠷᠢᠨ ᠢᠵᠢᠯᠢ ᠪᠢᠴᠢᠯᠭᠡᠲᠦ ᠦᠭᠡᠰ ᠦᠨ ᠤᠶᠠᠯᠳᠤᠭᠠᠨ ᠤ ᠰᠠᠩ ᠢ ᠠᠰᠢᠭᠯᠠᠵᠤ᠂ ᠬᠡᠯᠡᠨ ᠦ ᠮᠠᠲ᠋ᠧᠷᠢᠶᠠᠯ ᠤᠨ ᠬᠦᠮᠦᠷᠭᠡ ᠳᠡᠬᠢ ᠢᠵᠢᠯᠢ ᠪᠢᠴᠢᠯᠭᠡᠲᠦ ᠦᠭᠡᠰ ᠲᠦ 《ILGAHV》 ᠬᠡᠮᠵᠢᠭᠳᠡᠯ ᠢ ᠠᠦ᠋ᠲ᠋ᠤ᠋ ᠬᠠᠳᠠᠬᠤ ᠪᠠᠷ ᠳᠠᠮᠵᠢᠨ ᠰᠠᠯᠠᠭ᠎ᠠ ᠤᠳᠬ᠎ᠠ ᠶᠢ ᠢᠯᠭᠠᠪᠠᠯ ᠠᠵᠢᠯ ᠢ ᠬᠦᠩᠭᠡᠯᠡᠵᠦ ᠪᠤᠯᠬᠤ ᠶᠤᠮ᠃ |
原文 |
没有原文
|
出自 |
内蒙古师范大学学报(自然科学蒙古文版)
2011年
第2期
|