题名 |
《ᠮᠣᠩᠭᠤᠯ ᠤᠨ ᠨᠢᠭᠤᠴᠠ ᠲᠤᠪᠴᠢᠶᠠᠨ》 ᠳᠠᠬᠢ ᠬᠢᠲᠠᠳ ᠭᠠᠯᠢᠭ 《腾汲思客秃勒周》 ᠪᠤᠯᠨ 《腾吉思》 ᠭᠡᠬᠦ ᠦᠭᠡ ᠶᠢᠨ ᠲᠤᠬᠠᠢ |
作者 |
ᠰᠢᠶᠠᠩ ᠯᠢᠶᠠᠨ |
关键词 |
《ᠮᠣᠩᠭᠤᠯ ᠤᠨ ᠨᠢᠭᠤᠴᠠ ᠲᠤᠪᠴᠢᠶᠠᠨ》; 腾汲思客秃勒周;腾吉思 |
摘要 |
《ᠮᠣᠩᠭᠤᠯ ᠤᠨ ᠨᠢᠭᠤᠴᠠ ᠲᠤᠪᠴᠢᠶᠠᠨ》 ᠳᠠᠬᠢ ᠪᠦᠷᠳᠡ ᠴᠢᠨᠤ᠎ᠠ 《ᠲᠠᠩᠬᠢᠰ ᠬᠡᠲᠦᠯᠵᠦ ᠢᠷᠡᠪᠡᠢ》 ᠭᠡᠳᠡᠭ ᠦᠨ 《ᠲᠠᠩᠬᠢᠰ》 ᠭᠡᠬᠦ ᠦᠭᠡ ᠶᠢ ᠰᠢᠨᠵᠢᠯᠡᠬᠦ ᠪᠡᠷ ᠳᠠᠮᠵᠢᠨ᠂ ᠲᠤᠰ ᠦᠭᠡ ᠨᠢ ᠳᠠᠯᠠᠢ ᠲᠠᠩᠬᠢᠰ ᠤᠨ 《ᠲᠠᠩᠬᠢᠰ》 ᠠᠴᠠ ᠭᠠᠳᠠᠨ᠎ᠠ ᠪᠠᠰᠠ 《ᠠᠭᠤᠯᠠᠨ ᠳᠡᠪᠰᠡᠭ ᠭᠠᠵᠠᠷ᠂ ᠲᠠᠩ ᠭᠠᠵᠠᠷ᠂ ᠡᠷᠡᠭᠦᠯ ᠲᠠᠩ》 ᠭᠡᠬᠦ ᠤᠳᠬ᠎ᠠ ᠲᠠᠢ ᠪᠤᠯᠬᠤ ᠶᠢ ᠲᠤᠳᠤᠷᠠᠭᠤᠯᠬᠤ ᠶᠢᠨ ᠬᠠᠮᠲᠤ ᠴᠢᠩᠭᠢᠰ ᠬᠠᠭᠠᠨ ᠤ ᠢᠵᠠᠭᠤᠷ ᠳᠡᠭᠡᠳᠦᠰ ᠪᠦᠷᠳᠡ ᠴᠢᠨᠤ᠎ᠠ ᠠᠯᠢᠨᠢᠭᠡᠨ ᠲᠠᠩᠬᠢᠰ ᠳᠠᠯᠠᠢ ᠶᠢ ᠭᠡᠲᠦᠯᠵᠦ ᠪᠤᠷᠬᠠᠨ ᠬᠠᠯᠲᠤᠨ ᠳᠤ ᠨᠤᠲᠤᠭᠰᠢᠭᠰᠠᠨ ᠭᠡᠬᠦ ᠡᠷᠳᠡᠮᠲᠡᠳ ᠦᠨ ᠦᠵᠡᠯᠲᠡ ᠳᠦ ᠰᠢᠨ᠎ᠡ ᠵᠦᠪᠯᠡᠯᠭᠡ ᠲᠠᠯᠪᠢᠵᠤ᠂ 《ᠡᠷᠭᠦᠨ᠎ᠡ ᠬᠤᠨ》 ᠤ ᠳᠤᠮᠤᠭ ᠲᠠᠢ ᠤᠶᠠᠯᠳᠤᠭᠤᠯᠤᠨ ᠰᠤᠳᠤᠯᠪᠠ᠃ 《ᠲᠠᠩᠬᠢᠰ ᠭᠡᠲᠦᠯᠵᠦ》 ᠭᠡᠳᠡᠭ ᠦᠨ ᠡᠷᠲᠡᠨ ᠦ ᠬᠡᠯᠡᠨ ᠳᠡᠬᠢ ᠤᠳᠬ᠎ᠠ ᠠᠴᠠ ᠮᠦᠷᠳᠡᠨ 《ᠲᠠᠩᠬᠢᠰ》 ᠭᠡᠳᠡᠭ ᠦᠨ ᠢᠵᠠᠭᠤᠷ ᠨᠢ 《ᠲᠠᠩ》 ᠪᠠᠢᠵᠤ᠂ ᠡᠷᠲᠡᠨ ᠦ ᠬᠡᠯᠡᠨ ᠳᠦ 《ᠠᠭᠤᠯᠠᠨ ᠬᠠᠪᠴᠢᠯ》᠂ ᠡᠷᠭᠦᠨ᠎ᠡ ᠬᠤᠨ ᠨᠢ 《ᠬᠤᠨ — ᠠᠭᠤᠯᠠᠨ ᠬᠠᠪᠴᠢ》 ᠢ ᠬᠡᠯᠡᠵᠦ᠂ ᠲᠡᠷᠡ ᠨᠢ ᠡᠷᠭᠦᠨ᠎ᠡ ᠬᠤᠨ ᠢ ᠭᠡᠲᠦᠯᠵᠦ ᠢᠷᠡᠭᠰᠡᠨ ᠭᠡᠳᠡᠭ ᠤᠳᠬ᠎ᠠ ᠲᠠᠢ ᠪᠤᠯᠬᠤ ᠶᠢ ᠭᠡᠷᠡᠴᠢᠯᠡᠬᠦ ᠪᠡᠷ ᠴᠢᠷᠮᠠᠢᠵᠠᠢ᠃ |
原文 |
查看原文
|
出自 |
中国蒙古学
2015年
第5期
|