论文信息


题名 ᠬᠠᠮᠲᠤᠯᠢᠭ ᠤᠨ ᠴᠡᠭᠡᠵᠢᠯᠡᠯ᠂ ᠳᠠᠭᠠᠮᠠᠭᠯᠠᠯ ᠪᠤᠶᠤ ᠲᠡᠦᠬᠡᠨ ᠬᠦᠦᠷᠨᠢᠯ —— ᠰᠢᠨ᠎ᠡ ᠡᠷᠢᠨ ᠦ ᠮᠣᠩᠭᠤᠯ ᠲᠡᠦᠬᠡᠨ ᠲᠤᠭᠤᠵᠢᠰ ᠤᠨ ᠲᠤᠬᠠᠢ ᠠᠵᠢᠭᠯᠠᠯᠲᠠ
作者 ᠨᠠᠮᠢᠶ᠎ᠠ
关键词 ᠰᠢᠨ᠎ᠡ ᠡᠷᠢᠨ; ᠮᠣᠩ᠋ᠭᠤᠯ ᠲᠡᠦᠬᠡᠨ ᠲᠤᠭᠤᠵᠢᠰ; ᠳᠡᠭᠡᠳᠦᠰ ᠦᠨ ᠲᠡᠦᠬᠡ; ᠳᠤᠮᠤᠭᠯᠢᠭ ᠬᠦᠦᠷᠨᠢᠯ
摘要 ᠮᠣᠩᠭᠤᠯᠴᠤᠳ ᠤᠨ ᠲᠡᠦᠬᠡᠨ ᠲᠤᠭᠤᠵᠢᠰ ᠤᠨ ᠤᠯᠠᠮᠵᠢᠯᠠᠯ ᠨᠢ 20᠋ ᠳᠤᠭᠠᠷ ᠵᠠᠭᠤᠨ ᠤ 50 —70᠋‍ ᠋‍ᠭᠠᠳ ᠣᠨ ᠳᠤ ᠨᠢᠭᠡ ᠤᠳᠠᠭᠠᠨ ᠤ ᠰᠢᠷᠦᠭᠦᠨ ᠬᠤᠪᠢᠰᠤᠯ ᠭᠠᠷᠴᠤ ᠡᠪ ᠬᠠᠮᠲᠤ ᠨᠠᠮ ᠤᠨ ᠤᠳᠤᠷᠢᠳᠤᠭᠰᠠᠨ ᠬᠤᠪᠢᠰᠬᠠᠯᠲᠤ ᠲᠡᠮᠡᠴᠡᠯ ᠢ ᠬᠦᠦᠷᠨᠢᠨ ᠲᠤᠭᠠᠴᠢᠬᠤ ᠪᠠᠷ ᠭᠤᠤᠯᠯᠠᠭᠰᠠᠨ 《ᠬᠤᠪᠢᠰᠬᠠᠲᠤ ᠲᠡᠦᠬᠡᠨ ᠲᠤᠭᠤᠵᠢᠰ》ᠪᠢᠴᠢᠬᠦ ᠦᠷᠨᠢᠯᠲᠡ ᠭᠠᠷᠤᠭᠠᠳ ᠦᠨᠳᠦᠰᠦᠲᠡᠨ ᠦ ᠲᠡᠦᠬᠡ ᠶᠢᠨ ᠬᠦᠦᠷᠨᠢᠯ ᠳᠦ ᠨᠢᠭᠡ ᠤᠳᠠᠭᠠᠨ ᠤ ᠲᠠᠰᠤᠯᠳᠠᠯ ᠭᠠᠷᠤᠭᠰᠠᠨ ᠪᠠᠢ᠌ᠨ᠎ᠠ᠃ ᠭᠡᠪᠡᠴᠦ ᠤᠯᠤᠰ ᠲᠦᠷᠦ ᠶᠢᠨ ᠣᠷᠴᠢᠨ ᠤ ᠬᠤᠪᠢᠰᠤᠯ ᠢ ᠳᠠᠭᠠᠯᠳᠤᠨ 20 ᠋ ᠳᠤᠭᠠᠷ ᠵᠠᠭᠤᠨ ᠤ 80 ᠋‍ᠭᠠᠳ ᠣᠨ ᠠᠴᠠ ᠨᠠᠭᠠᠰᠢ ᠰᠢᠨ᠎ᠡ ᠡᠷᠢᠨ ᠬᠡᠮᠡᠭᠳᠡᠭᠰᠡᠨ ᠴᠠᠭ ᠦᠶ᠎ᠡ ᠳᠦ ᠤᠷᠤᠮᠠᠭᠴᠠ ᠦᠨᠳᠦᠰᠦᠲᠡᠨ ᠦ ᠲᠡᠦᠬᠡ ᠶᠢ ᠬᠦᠦᠷᠨᠢᠬᠦ ᠤᠷᠠᠨ ᠵᠤᠬᠢᠶᠠᠯ ᠤᠨ ᠤᠯᠠᠮᠵᠢᠯᠠᠯ ᠠᠭᠢᠭᠠᠳ ᠰᠡᠷᠭᠦᠭ᠍ᠰᠡᠨ ᠪᠦᠭᠡᠳ ᠪᠠᠰᠠ ᠰᠢᠨ᠎ᠡ ᠬᠦᠭ᠍ᠵᠢᠯᠲᠡ ᠪᠡᠨ ᠣᠯᠤᠭᠰᠠᠨ ᠪᠠᠢ᠌ᠨ᠎᠎ᠠ᠃ ᠰᠢᠨ᠎ᠡ ᠡᠷᠢᠨ ᠦ ᠮᠣᠩ᠋ᠭᠤᠯ ᠲᠡᠦᠬᠡᠨ ᠲᠤᠭᠤᠵᠢᠰ ᠢ ᠲᠡᠭᠦᠨ ᠦ ᠳᠤᠰᠬᠠᠭᠰᠠᠨ ᠴᠠᠭ ᠦᠶ᠎ᠡ ᠪᠡᠷ ᠨᠢ ᠮᠣᠩ᠋ᠭᠤᠯᠴᠤᠳ ᠤᠨ ᠡᠷᠲᠡᠨ ᠦ ᠲᠡᠦᠬᠡ ᠪᠤᠶᠤ ᠮᠠᠨᠳᠤᠭᠰᠠᠨ ᠲᠡᠦᠬᠡ ᠪᠡᠷ ᠰᠡᠳᠦᠪᠯᠡᠭᠰᠡᠨ ᠲᠤᠭᠤᠵᠢᠰ᠂ ᠣᠢ᠌ᠷ᠎ᠠ ᠣᠷᠴᠢᠨ ᠦᠶ᠎ᠡ ᠶᠢᠨ ᠰᠡᠳᠦᠪᠯᠡᠭᠦᠨᠲᠦ ᠲᠤᠭᠤᠵᠢᠰ ᠭᠡᠵᠦ ᠬᠤᠪᠢᠶᠠᠨ ᠦᠵᠡᠵᠦ ᠪᠤᠯᠤᠨ᠎ᠠ᠃ ᠢᠩᠭᠢᠵᠦ ᠬᠤᠪᠢᠶᠠᠬᠤ ᠶᠢᠨ ᠤᠴᠢᠷ ᠭᠡᠪᠡᠯ ᠡᠷᠲᠡᠨ ᠦ ᠲᠡᠦᠬᠡ ᠪᠡᠷ ᠰᠡᠳᠦᠪᠯᠡᠭᠰᠡᠨ ᠲᠤᠭᠤᠵᠢᠰ ᠨᠢ ᠪᠢᠴᠢᠭ᠌ ᠦᠰᠦᠭ ᠦᠨ ᠤᠯᠠᠮᠵᠢᠯᠠᠯ᠂ ᠬᠠᠮᠲᠤ ᠶᠢᠨ ᠴᠡᠭᠡᠵᠢᠯᠡᠯ ᠪᠡ ᠨᠠᠢ᠌ᠳᠠᠴᠢ ᠡᠵᠡᠭᠦᠢ ᠤᠬᠠᠮᠰᠠᠷ ᠲᠤ ᠢᠯᠡᠭᠦᠦ ᠬᠡᠯᠪᠡᠢ᠌ᠵᠦ᠂ ᠳᠠᠭᠠᠮᠠᠭᠯᠠᠯ ᠤᠨ ᠰᠢᠨᠵᠢ᠂ ᠬᠤᠪᠢ ᠬᠦᠮᠦᠨᠴᠢᠯᠡᠭᠰᠡᠨ ᠰᠢᠨᠵᠢ ᠪᠡᠷ ᠪᠠᠭ᠎ᠠ ᠪᠠᠢ᠌ᠳᠠᠭ ᠪᠠᠢ᠌ᠬᠤ ᠳᠤ ᠣᠢ᠌ᠷ᠎ᠠ ᠣᠷᠴᠢᠨ ᠦᠶ᠎ᠡ ᠶᠢᠨ ᠲᠡᠦᠬᠡᠨ ᠰᠡᠳᠦᠪᠯᠡᠭᠦᠨᠲᠦ ᠲᠤᠭᠤᠵᠢᠰ ᠨᠢ ᠵᠤᠬᠢᠶᠠᠭᠴᠢᠳ ᠲᠤ ᠳᠠᠭᠠᠮᠠᠭᠯᠠᠨ ᠪᠤᠳᠤᠬᠤ᠂ ᠬᠡᠢ᠌ᠰᠪᠦᠷᠢᠯᠡᠨ ᠵᠤᠬᠢᠬᠤ ᠣᠷᠤᠨ ᠵᠠᠢ ᠶᠢ ᠣᠯᠭᠤᠵᠤ ᠦᠭ᠍ᠭᠦᠭ᠍ᠰᠡᠨ ᠡᠴᠡ ᠦᠯᠢᠭᠡᠷᠯᠢᠭ᠌ ᠰᠢᠨᠵᠢ᠂ ᠤᠷᠠᠯᠢᠭ ᠤᠨ ᠰᠢᠨᠵᠢ ᠨᠢ ᠳᠠᠪᠠᠮᠭᠠᠢ᠌ᠷᠠᠭᠰᠠᠨ ᠣᠨᠴᠠᠯᠢᠭ ᠲᠠᠢ ᠪᠠᠢ᠌ᠳᠠᠭ ᠠᠴᠠ ᠪᠤᠯᠵᠠᠢ᠂᠃
原文 查看原文
出自 中国蒙古学 2012年 第6期

联系我们


内蒙古大学图书馆
呼和浩特市大学西路235号
中国·内蒙古
P: (0471) 4992561
E: huangfeilong@imu.edu.cn