摘要 |
ᠲᠠᠢᠢᠴᠢᠩ ᠬᠦᠷᠦᠨ ᠤ ᠡᠶᠡᠪᠡᠷ ᠵᠠᠰᠠᠭᠴᠢ ᠶᠢᠨ ᠠᠷᠪᠠᠳᠤᠭᠠᠷ ᠣᠨ ᠳᠤ᠂ ᠡᠶᠡᠪᠡᠷ ᠵᠠᠰᠠᠭᠴᠢ ᠬᠠᠭᠠᠨ ᠲᠦᠰᠢᠮᠡᠳ ᠤᠨ ᠢᠳᠬᠠᠯ ᠢ ᠦᠯᠦ ᠬᠠᠢᠢᠬᠤᠷᠤᠨ ᠤᠯᠤᠰ ᠤᠨ ᠡᠬᠡ ᠡᠷᠳᠡᠨᠢ ᠪᠣᠮᠪᠠ ᠶᠢᠨ ᠬᠣᠸᠠᠩᠬᠡᠦ ᠴᠣᠯᠠ ᠵᠢ ᠪᠠᠢᠢᠯᠭᠠᠵᠤ ᠨᠠᠮᠵᠠᠭᠤ ᠬᠠᠲᠤᠨ ᠡᠷᠭᠦᠮᠵᠢᠯᠡᠭᠡᠳ ᠲᠦᠷᠦ ᠵᠠᠰᠠᠭ ᠲᠤ ᠲᠡᠪᠵᠢᠶᠡᠨ ᠡᠭᠦᠰᠭᠡᠪᠡ᠃ ᠲᠤᠰ ᠦᠭᠦᠯᠡᠯ ᠳ᠋ᠤ ᠰᠤᠷᠪᠤᠯᠵᠢ ᠪᠢᠴᠢᠭ᠌ ᠪᠠ ᠭᠡᠭᠡᠷ ᠡ ᠶᠢᠨ ᠪᠠᠢᠢᠴᠠᠭᠠᠯᠲᠠ ᠳ᠋ᠤ ᠰᠠᠭᠤᠷᠢᠯᠠᠨ ᠲᠤᠰ ᠬᠡᠷᠡᠭ ᠶᠠᠪᠤᠳᠠᠯ ᠤᠨ ᠡᠬᠢ ᠠᠳᠠᠭ ᠢ ᠰᠢᠨᠵᠢᠯᠡᠭᠡᠳ᠂ ᠡᠨᠡ ᠶᠠᠪᠤᠳᠠᠯ ᠨᠢ ᠴᠢᠩ ᠤᠯᠤᠰ ᠤᠨ ᠵᠠᠰᠠᠭ ᠡᠴᠡ ᠤᠷᠤᠭ ᠰᠠᠳᠤᠨ ᠪᠣᠯᠤᠭᠰᠠᠨ ᠨᠤᠨ ᠬᠣᠷᠴᠢᠨ ᠲᠦᠷᠦᠭᠦᠲᠡᠢ ᠮᠣᠩᠭ᠋ᠤᠯ ᠢᠵᠠᠭᠤᠷᠲᠠᠨ ᠤ ᠬᠦᠴᠦ ᠵᠢ ᠨᠢ ᠵᠠᠳᠠᠷᠠᠭᠤᠯᠬᠤ ᠪᠡᠷ ᠠᠪᠤᠭᠰᠠᠨ ᠠᠷᠭ᠋ ᠠ ᠪᠣᠳᠤᠯᠭ᠋ ᠠ ᠪᠣᠯᠤᠨ᠌ ᠠ ᠭᠡᠵᠦ ᠦᠵᠡᠪᠡ᠃ |